☆ ᠤᠷᠲᠤᠮᠦ᠋ᠷᠡᠨ
ᠣᠩᠭ᠋ᠤᠨ ᠣᠳᠠ ᠶᠢᠨ ᠦᠷᠠᠰ
ᠮᠠᠩᠨᠤᠭ ᠰᠢᠭ ᠮᠠᠩᠬᠠᠨ ᠳᠡᠭᠡᠷ᠎ᠡ ᠪᠠᠨ
ᠮᠠᠴᠤᠯᠭᠢᠯᠠᠵᠤ ᠪᠠᠢ᠌ᠵᠤ ᠥᠰᠦᠭ᠍ᠰᠡᠨ
ᠮᠤᠯᠤᠷ ᠡᠷᠳᠡᠨᠢ ᠮᠤᠷᠢᠨ ᠳᠡᠭᠡᠷ᠎ᠡ ᠪᠠᠨ
ᠮᠤᠠᠴᠤᠭᠯᠠᠵᠤ ᠰᠠᠭᠤᠵᠤ ᠳᠤᠷᠨᠢᠭᠰᠠᠨ
ᠣᠮᠤᠭ ᠪᠠᠬᠠᠳᠤᠯᠳᠤ ᠮᠤᠩᠭ᠋ᠤᠯᠴᠤᠳ
ᠣᠩᠭ᠋ᠤᠨ ᠣᠳᠠ ᠶᠢᠨ ᠦᠷᠠᠰ ᠡ
ᠦᠨᠳᠦᠷ ᠭᠦᠭᠡ ᠳᠡᠭ᠍ᠷᠢ ᠰᠢᠭ᠌
ᠦᠷᠭᠡᠨ ᠬᠠᠩᠭ᠋ᠠᠢ ᠴᠡᠭᠡᠵᠢ ᠳᠠᠢ
ᠠᠰᠬ᠎ᠠ ᠡᠭ᠍ᠴᠡ ᠬᠠᠢ᠌ᠷᠬᠠᠨ ᠰᠢᠭ
ᠠᠰᠤᠷᠤ ᠰᠦᠷᠯᠢᠭ᠌ ᠴᠤᠭᠴᠠᠰ ᠳᠠᠢ
ᠣᠮᠤᠭ ᠪᠠᠬᠠᠳᠤᠯᠳᠤ ᠮᠤᠩᠭ᠋ᠤᠯᠴᠤᠳ
ᠣᠩᠭ᠋ᠤᠨ ᠣᠳᠠ ᠶᠢᠨ ᠦᠷᠠᠰ ᠡ
ᠰᠢᠵᠢᠷ ᠠᠯᠳᠠᠨ ᠨᠠᠷᠠᠨ ᠰᠢᠭ
ᠢᠪᠠᠭᠡᠯᠳᠤ ᠣᠶᠠᠬᠠᠨ ᠰᠡᠳᠭᠢᠯ ᠳᠠᠢ
ᠰᠢᠷ᠎ᠠ ᠮᠦᠷᠠᠨ ᠤ ᠣᠷᠤᠰᠬᠠᠯ ᠰᠢᠭ
ᠢᠷᠮᠡᠭᠦᠨ ᠡᠷᠡᠯᠭᠡᠭ᠌ ᠰᠦᠰᠦ ᠳᠠᠢ
ᠣᠮᠤᠭ ᠪᠠᠬᠠᠳᠤᠯᠳᠤ ᠮᠤᠩᠭ᠋ᠤᠯᠴᠤᠳ
ᠣᠩᠭ᠋ᠤᠨ ᠣᠳᠠ ᠶᠢᠨ ᠦᠷᠠᠰ ᠡ
ᠵᠤᠬᠢᠶᠠᠭᠴᠢ ᠶᠢᠨ ᠬᠠᠶᠢᠭ ᠄ ᠣᠷᠠᠤᠨ ᠤᠨ ᠬᠣᠢ᠌ᠳᠤ ᠬᠤᠰᠢᠭᠤ
ᠵᠤᠬᠢᠶᠠᠭᠴᠢ᠄ ᠤᠷᠲᠤᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ