ᠨᠡᠪᠲᠡᠷᠡᠨ ᠤᠷᠤᠬᠤ
ᠦᠭᠡᠷ ᠤᠨ ᠨᠠᠷᠠᠢ᠌ᠳᠤᠯ

ᠨᠢᠭᠡ᠂ ᠥᠭᠡᠷ ᠢ ᠨᠠᠰᠤ ᠰᠢᠳᠤ ᠪᠠᠷ ᠨᠢ ᠢᠯᠭᠠᠨ ᠨᠡᠷᠡᠯᠡᠭᠦ

ᠮᠡᠯᠴᠢᠳ᠂ ᠥᠭᠡᠷ ᠤᠨ ᠰᠢᠳᠤ ᠶᠢ ᠳᠠᠳᠠᠵᠤ ᠭᠡᠳᠤᠨ ᠨᠠᠰᠤᠳᠠᠢ ᠶᠢ ᠨᠢ ᠮᠡᠳᠡᠳᠡᠭ᠌ ᠪᠦᠭᠡᠳ ᠠᠳᠠᠯᠢ ᠪᠣᠰᠤ ᠨᠠᠰᠤᠨ ᠤ ᠥᠭᠡᠷ ᠢ ᠠᠳᠠᠯᠢ ᠪᠣᠰᠤ ᠪᠠᠷ ᠢᠯᠭᠠᠨ ᠨᠡᠷᠡᠯᠡᠳᠡᠭ᠌᠃ ᠥᠭᠡᠷ ᠤᠨ ᠰᠢᠳᠤ ᠶᠢ ᠳᠠᠳᠠᠬᠤ ᠳᠤ ᠪᠠᠨ ᠮᠦᠨ ᠴᠤ ᠡᠭᠦᠳᠡᠨ ᠰᠢᠳᠤᠨ ᠤ ᠭᠢᠨᠢ ᠬᠠᠯᠪᠠᠭ᠎ᠠ ᠶᠢᠨ ᠳᠤᠭ᠎ᠠ ᠶᠢ ᠥᠡᠳᠦᠰᠦᠯᠡᠳᠡᠭ᠌ ᠶᠤᠮ᠃ ᠬᠤᠶᠠᠷ ᠬᠠᠯᠪᠠᠭ᠎ᠠ ᠭᠠᠷᠤᠭᠰᠠᠨ ᠪᠠᠢ᠌ᠪᠠᠯ ᠰᠢᠳᠤᠯᠠᠩ ᠥᠭᠡᠷ ᠭᠡᠵᠤ᠂ ᠳᠦᠷᠪᠠᠨ ᠬᠠᠯᠪᠠᠭ᠎ᠠ ᠭᠠᠷᠤᠭᠰᠠᠨ ᠪᠠᠢ᠌ᠪᠠᠯ ᠭᠢᠵᠠᠯᠠᠩ ᠥᠭᠡᠷ ᠭᠡᠵᠤ᠂ ᠵᠢᠷᠭᠤᠭᠠᠨ ᠬᠠᠯᠪᠠᠭ᠎ᠠ ᠭᠠᠷᠤᠭᠰᠠᠨ ᠪᠠᠢ᠌ᠪᠠᠯ ᠰᠤᠶᠤᠯᠠᠩ ᠥᠭᠡᠷ ᠭᠡᠵᠤ᠂ ᠨᠢ᠋ᠮᠡᠨ ᠬᠠᠯᠪᠠᠭ᠎ᠠ ᠭᠠᠷᠤᠭᠠᠤᠨ ᠰᠤᠶᠤᠭ᠎ᠠ ᠣᠷᠭᠤᠭᠰᠠᠨ ᠪᠣᠯ ᠰᠤᠶᠤᠭ᠎ᠠ ᠰᠤᠩᠭ᠋ᠠᠬᠤ (ᠵᠢᠷᠭᠤᠭᠠᠨ ᠨᠡᠰᠦᠳᠡᠢ) ᠭᠡᠳᠡᠭ᠌᠃ ᠥᠭᠡᠷ ᠰᠤᠶᠤᠭ᠎ᠠ ᠰᠤᠩᠭ᠋ᠠᠪᠠᠯ ᠳᠠᠷᠤᠢ ᠨᠠᠰᠤ ᠭᠦᠢᠴᠡᠵᠤ ᠴᠢᠳᠠᠯ ᠪᠦᠷᠢᠳᠤᠨ᠎ᠡ᠃

ᠲ᠋ᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠰ ᠵᠢᠯ ᠤᠨ ᠥᠭᠡᠷ ᠤᠨ ᠳᠦᠯ ᠢ ᠭᠦᠢᠰᠤ ᠢᠯᠭᠠᠭᠰᠠᠨ ᠥᠭᠡᠢ ᠨᠡᠷᠡᠯᠡᠭ᠍ᠰᠡᠨ ᠨᠠᠷᠠᠢ᠌ᠳᠤᠯ᠃

ᠠᠯᠳᠠᠰᠢ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠭ᠌ ᠡᠴᠠ ᠡᠮᠤᠨ᠎ᠡ ᠭᠠᠷᠤᠭᠰᠠᠨ ᠳᠤᠭᠤᠯ᠃

ᠦᠨᠦᠴᠢᠨ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠭᠡ ᠨᠢ ᠥᠭᠦᠭ᠍ᠰᠡᠨ ᠳᠤᠭᠤᠯ᠃

ᠭᠡᠡᠵᠡ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠷᠤᠢ ᠨᠠᠮᠤᠷ ᠭᠠᠷᠤᠭᠰᠠᠨ ᠳᠤᠭᠤᠯ᠃

ᠣᠤᠭᠠᠨ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠰ ᠵᠢᠯ ᠤᠨ ᠬᠠᠮᠤᠭ ᠠᠩᠬᠠᠨ ᠤ ᠳᠤᠭᠤᠯ᠃

ᠭᠦᠭᠡᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠪᠦᠯ ᠳᠦᠷᠦᠭ᠍ᠰᠡᠨ ᠳᠦᠯ᠃

ᠲ᠋ᠠᠬᠤᠯᠠᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠠᠪᠣᠷ ᠡᠷᠳᠡ ᠭᠠᠷᠤᠭᠰᠠᠨ ᠳᠦᠯ᠃

ᠬᠠᠪᠴᠢ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠯ ᠵᠠᠪᠰᠠᠷ ᠲᠤ ᠭᠠᠷᠤᠭᠰᠠᠨ ᠳᠤᠭᠤᠯ᠃

ᠪᠣᠭᠤᠯᠳᠤᠷᠭ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠯᠬ᠎ᠠ ᠳᠤᠭᠤᠯ ᠪᠢᠰᠢ᠂ ᠦᠯᠵᠢᠨ ᠳᠡᠪᠠᠭᠡᠷᠡᠵᠤ ᠪᠠᠶ᠎ᠠ ᠨᠢ ᠴᠢᠩᠭ᠋ᠠᠷᠠᠭᠰᠠᠨ ᠪᠣᠯᠪᠠᠴᠤ ᠣᠢ ᠳᠤ ᠪᠠᠨ ᠭᠦᠷᠦᠭᠡᠳᠦᠢ ᠳᠤᠭᠤᠯ᠃ ᠪᠠᠰᠠ ᠳᠦᠡᠳᠦᠭᠡᠷ ᠭᠡᠵᠤ ᠭᠦᠭᠦᠷᠦᠰᠢᠶᠡᠵᠤ ᠭᠡᠯᠡᠳᠡᠭ᠌ ᠪᠣᠢ ᠃

ᠣᠤᠠᠬᠤᠨ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠰ ᠵᠢᠯ ᠤᠨ ᠰᠡᠭᠦᠯ ᠬᠤᠷᠢᠶᠠᠭᠰᠠᠨ ᠳᠤᠭᠤᠯ᠃

ᠪᠠᠪᠠᠷᠠᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠯᠳᠠᠰᠢ ᠳᠤᠭᠤᠯ᠃

ᠲ᠋ᠠᠪᠵᠠ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠶ᠎ᠠ ᠪᠠᠭ᠎ᠠ᠂ ᠦᠰᠦᠯᠳᠠ ᠮᠠᠭᠤᠳᠠᠢ ᠳᠤᠭᠤᠯ᠃

ᠢᠭᠢᠷ᠎ᠠ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠭᠡ ᠡᠭᠡ ᠡᠴᠠ ᠬᠠᠮᠳᠤ ᠭᠠᠷᠤᠭᠰᠠᠨ ᠬᠤᠶᠠᠷ ᠳᠤᠭᠤᠯ᠃

ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠥᠭᠡᠷ ᠢ ᠭᠦᠢᠰᠤ ᠢᠯᠭᠠᠭᠰᠠᠨ ᠦᠭᠡᠶ ᠨᠡᠷᠡᠯᠡᠭ᠍ᠰᠡᠨ ᠨᠠᠷᠠᠢ᠌ᠳᠤᠯ᠃

ᠲ᠋ᠡᠯᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠡᠭᠡ ᠭᠦᠭᠦᠳᠡᠭ᠌ ᠳᠦᠯ᠃

ᠭᠤᠪᠰᠢᠶ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠣᠯᠠᠨ ᠡᠭᠡ ᠶᠢ ᠰᠣᠢ᠌ᠯᠠᠵᠤ ᠭᠦᠭᠦᠳᠡᠭ᠌ ᠳᠦᠯ᠃

ᠨᠤᠭᠤᠭᠠᠨ ᠤ ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠯ ᠥᠩᠭᠡᠷᠡᠭᠡᠳ ᠨᠤᠭᠤᠭ᠎ᠠ ᠴᠠᠳᠬᠤ ᠦᠶ᠎ᠡ ᠳᠤ ᠬᠤᠶᠠᠷ ᠣᠢ ᠪᠣᠯᠬᠤ ᠪᠢᠷᠠᠭᠤ᠃

ᠬᠠᠩᠭ᠋ᠠᠯ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠭᠦᠢᠴᠡᠭ᠍ᠰᠡᠨ ᠪᠦᠳᠦᠭᠦᠨ ᠡᠮᠨᠢᠭ᠌ ᠥᠭᠡᠷ᠃

ᠦᠨᠦᠴᠢᠨ ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠭᠡ ᠨᠢ ᠥᠭᠦᠭ᠍ᠰᠡᠨ ᠪᠢᠷᠠᠭᠤ᠃

ᠡᠪᠦᠭᠡᠨ ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠢᠳᠦᠯᠡᠭᠦ ᠰᠢᠬᠠᠭᠰᠠᠨ ᠪᠢᠷᠠᠭᠤ᠃ ᠪᠠᠰᠠ ᠭᠦᠭ᠍ᠰᠢᠨ ᠪᠢᠷᠠᠭᠤ ᠭᠡᠨ᠎ᠡ᠃

ᠪᠣᠬᠠᠨ ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠴᠠᠭᠠᠯᠠᠭᠰᠠᠨ ᠥᠭᠡᠢ ᠪᠣᠶᠤ ᠪᠣᠬ᠎ᠠ ᠳᠠᠯᠪᠢᠭᠰᠠᠨ ᠪᠢᠷᠠᠭᠤ᠃

ᠬᠤᠰᠠᠷᠠᠩ ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠤᠪᠠᠢ᠌ᠷᠠᠭᠰᠠᠨ ᠡᠭᠡ ᠪᠠᠨ ᠪᠢᠷᠠᠭᠤ ᠪᠣᠯᠴᠢᠬᠠᠭᠠᠤᠨ ᠪᠠᠰᠠ ᠭᠦᠭᠦᠵᠤ ᠪᠠᠢ᠌ᠭ᠎ᠠ ᠶᠢ ᠭᠡᠯᠡᠨ᠎ᠡ᠃

ᠢᠰᠤᠯ ᠭᠦᠭᠦᠭ᠍ᠰᠡᠨ ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠰᠠᠷ᠎ᠠ ᠭᠦᠭᠦᠭ᠍ᠰᠡᠨ ᠪᠢᠷᠠᠭᠤ ᠶᠢ ᠴᠠᠬᠠᠷ᠂ ᠰᠢᠯᠢ ᠶᠢᠨ ᠭᠤᠤᠯ ᠳᠤ ᠢᠰᠤᠯ ᠭᠦᠭᠦᠭ᠍ᠰᠡᠨ ᠪᠢᠷᠠᠭᠤ ᠭᠡᠵᠤ ᠭᠡᠯᠡᠳᠡᠭ᠌ ᠭᠠᠵᠠᠷ ᠪᠤᠢ᠃ ᠡᠨᠡ ᠨᠢ ᠵᠢᠯ ᠥᠡᠵᠢᠭ᠍ᠰᠡᠨ ᠰᠥ᠋ ᠭᠦᠭᠦᠭ᠍ᠰᠡᠨ ᠭᠡᠰᠡᠨ ᠰᠠᠨᠠᠭ᠎ᠠ ᠲᠡᠶ᠃

ᠰᠢᠳᠤᠯᠠᠩ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠥᠭᠡᠷ᠃

ᠭᠢᠵᠠᠯᠠᠩ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠥᠭᠡᠷ᠃

ᠰᠤᠶᠤᠯᠠᠩ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠦᠬᠡᠷ᠂ ᠪᠠᠰᠠ ᠳᠠᠪᠣᠯᠠᠭ ᠭᠡᠨ᠎ᠡ᠃

ᠨᠢᠷᠠᠢ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠴᠤ ᠴᠢᠳᠠᠯ ᠪᠦᠷᠢᠦᠡᠴᠤ ᠭᠦᠢᠴᠡᠭᠡᠳᠦᠢ ᠥᠭᠡᠷ᠃

ᠵᠠᠯᠠᠭᠤ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠵᠠᠯᠠᠭᠤ ᠦᠰᠪᠦᠷᠢ ᠥᠭᠡᠷ᠃

ᠭᠢᠵᠢᠶᠠᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠢᠳᠤ ᠨᠢ ᠰᠠᠢ᠌ᠵᠤ᠂ ᠨᠠᠰᠤ ᠠᠭᠢᠵᠤ ᠪᠠᠢ᠌ᠭ᠎ᠠ ᠥᠭᠡᠷ᠃

ᠠᠮᠪᠠᠨ ᠱᠠᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠮᠤ ᠥᠭᠡᠷ᠂ ᠪᠦᠳᠦᠭᠦᠨ ᠥᠭᠡᠷ᠃

ᠰᠠᠷᠯᠤᠭ ᠤᠨ ᠱᠠᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠᠷᠯᠤᠭ ᠥᠭᠡᠷ ᠤᠨ ᠣᠳᠤᠮ ᠲᠡᠶ ᠨᠠᠰᠤ ᠭᠦᠢᠴᠡᠭ᠍ᠰᠡᠨ ᠡᠷ᠎ᠡ ᠥᠭᠡᠷ᠃

ᠬᠠᠢ᠌ᠨᠤᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠤᠩᠭ᠋ᠤᠯ ᠥᠭᠡᠷ᠂ ᠰᠠᠷᠯᠤᠭ ᠬᠤᠶᠠᠷ ᠬᠤᠭᠤᠷᠤᠠᠳᠤ ᠪᠠᠨ ᠡᠪᠴᠡᠯᠳᠦᠭ᠍ᠰᠡᠨ ᠡᠴᠠ ᠭᠠᠷᠤᠭᠰᠠᠨ ᠢ ᠭᠡᠯᠡᠨ᠎ᠡ᠃

ᠨᠠᠷᠠᠨ ᠬᠠᠢ᠌ᠨᠤᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠᠷᠯᠤᠭ ᠤᠨ ᠪᠣᠬ᠎ᠠ ᠮᠤᠩᠭ᠋ᠤᠯ ᠦᠨᠢᠶ᠎ᠡ ᠶᠢ ᠳᠠᠭᠠᠭᠰᠠᠨ ᠡᠴᠠ ᠭᠠᠷᠤᠭᠰᠠᠨ ᠢ ᠭᠡᠯᠡᠳᠡᠭ᠌᠃

ᠰᠠᠷᠠᠨ ᠬᠠᠢ᠌ᠨᠤᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠᠷᠯᠤᠭ ᠤᠨ ᠦᠨᠢᠶ᠎ᠡ ᠶᠢ ᠮᠤᠩᠭ᠋ᠤᠯ ᠥᠭᠡᠷ ᠤᠨ ᠪᠣᠬ᠎ᠠ ᠳᠠᠭᠠᠭᠰᠠᠨ ᠡᠴᠠ ᠭᠠᠷᠤᠭᠰᠠᠨ ᠢ ᠰᠠᠷᠠᠨ ᠬᠠᠢ᠌ᠨᠤᠭ ᠭᠡᠨ᠎ᠡ᠃

ᠥᠭᠡᠷ ᠢ ᠳᠠᠪᠣ ᠡᠴᠠ ᠳᠡᠭᠡᠭ᠍ᠰᠢ ᠨᠠᠰᠤᠯᠠᠪᠠᠯ ᠳᠠᠮᠠᠢ ᠢᠯᠭᠠᠨ ᠨᠡᠷᠡᠯᠡᠭᠦ ᠦᠭᠡᠶ᠂ ᠵᠦᠪᠭᠡᠨ ᠪᠦᠳᠦᠭᠦᠨ ᠥᠭᠡᠷ ᠭᠡᠭᠦ ᠪᠣᠶᠤ ᠭᠡᠳᠤᠨ ᠨᠠᠰᠤᠨ ᠤ ᠥᠭᠡᠷ ᠭᠡᠵᠤ ᠨᠠᠷᠠᠯᠠᠨ᠎ᠡ᠃


ᠬᠤᠶᠡᠷ᠂ ᠥᠭᠡᠷ ᠢ ᠭᠦᠢᠰᠤ ᠴᠢᠨᠠᠷ ᠶᠢᠡᠷ ᠨᠢ ᠢᠯᠭᠠᠨ ᠨᠡᠷᠡᠯᠡᠭᠦ

ᠪᠣᠬ᠎ᠠ ᠊᠊᠊᠊᠊᠊᠊᠊᠊᠊᠊᠊᠊᠊᠊ ᠦᠷ᠎ᠡ ᠶᠢᠨ ᠮᠠᠯ ᠢ ᠭᠡᠯᠡᠨ᠎ᠡ᠃ ᠪᠤᠬ᠎ᠠ ᠶᠢ ᠪᠢᠷᠠᠭᠤ ᠵᠠᠰᠠᠬᠤ ᠦᠶ᠎ᠡ ᠳᠤ ᠰᠤᠩᠭ᠋ᠤᠵᠤ ᠳᠠᠯᠪᠢᠭᠠᠤᠨ᠂ ᠪᠢᠷᠠᠭᠤᠨ ᠪᠤᠬ᠎ᠠ᠂ ᠪᠦᠳᠦᠭᠦᠨ ᠪᠣᠬ᠎ᠠ ᠭᠡᠭᠦ ᠮᠠᠳᠤᠴᠢᠯᠠᠨ ᠢᠯᠭᠠᠨ ᠨᠡᠷᠡᠯᠡᠳᠡᠭ᠌᠃

ᠪᠢᠷᠠᠭᠤᠨ ᠪᠣᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠪᠣᠬ᠎ᠠ᠃

ᠰᠢᠳᠤᠯᠠᠩ ᠪᠣᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠪᠣᠬ᠎ᠠ᠃

ᠭᠤᠨ᠎ᠠ ᠪᠣᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠢᠳᠤᠯᠠᠩ ᠪᠣᠬ᠎ᠠ᠃

ᠭᠢᠵᠠᠯᠠᠩ ᠪᠣᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠪᠣᠬ᠎ᠠ᠃

ᠳᠦᠨ᠎ᠡ ᠪᠣᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠢᠵᠠᠯᠠᠩ ᠪᠣᠬ᠎ᠠ᠃

ᠪᠦᠳᠦᠭᠦᠨ ᠪᠣᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠭᠦᠢᠴᠡᠭ᠍ᠰᠡᠨ ᠪᠣᠬ᠎ᠠ᠃

ᠭᠦᠭᠰᠢᠨ ᠪᠣᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠥᠳᠡᠯᠦᠭ᠍ᠰᠡᠨ ᠪᠣᠬ᠎ᠠ᠃

ᠰᠤᠩᠭ᠋ᠠᠯ ᠪᠣᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠷᠭᠤᠭᠠᠨ ᠨᠠᠰᠤᠳᠠᠢ ᠪᠣᠬ᠎ᠠ᠃

ᠪᠣᠬᠠᠠᠳᠠᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠬᠠᠨ ᠪᠢᠷᠠᠭᠤ ᠶᠢᠨ ᠭᠦᠭᠦᠷᠦᠰᠢᠶᠡᠯ᠃

ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠭᠡ ᠮᠠᠯ ᠢ ᠭᠡᠯᠡᠨ᠎ᠡ᠃ ᠤᠯᠡᠩᠭᠢ ᠦᠨᠢᠶᠠᠤᠨ ᠭᠤᠷᠪᠠᠨ ᠨᠠᠰᠤᠨ ᠳᠤ ᠪᠠᠨ ᠭᠡᠭᠡᠯ ᠰᠠᠭᠤᠵᠤ᠂ ᠳᠦᠷᠪᠠᠨ ᠨᠠᠰᠤᠨ ᠳᠤ ᠪᠠᠨ ᠳᠤᠭᠤᠯᠯᠠᠳᠠᠭ᠃ ᠣᠠᠴᠠ ᠵᠠᠷᠢᠮ ᠰᠢᠳᠤᠯᠠᠩ ᠭᠤᠠᠵᠢ ᠳᠤᠭᠤᠯᠯᠠᠳᠠᠭ ᠶᠠᠪᠣᠳᠠᠯ ᠪᠣᠢ᠃

ᠰᠢᠳᠤᠯᠠᠩ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠦᠨᠢᠶ᠎ᠡ᠃

ᠭᠢᠵᠠᠯᠠᠩ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠦᠨᠢᠶ᠎ᠡ᠃

ᠪᠦᠳᠦᠭᠦᠨ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠭᠦᠢᠴᠡᠭ᠍ᠰᠡᠨ ᠦᠨᠢᠶ᠎ᠡ᠃

ᠭᠦᠭ᠍ᠰᠢᠨ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠠᠭᠢᠭᠰᠠᠨ ᠦᠨᠢᠶ᠎ᠡ᠃

ᠭᠡᠭᠡᠯᠳᠤ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠭᠡᠯ ᠳᠤᠭᠳᠠᠭᠠᠤᠨ ᠳᠦᠷᠦᠭᠡᠳᠦᠢ ᠦᠨᠢᠶ᠎ᠡ᠃

ᠰᠤᠪᠠᠢ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠭᠡᠯ ᠳᠤᠭᠳᠠᠭᠰᠠᠨ ᠦᠭᠡᠶ ᠦᠨᠢᠶ᠎ᠡ᠃

ᠬᠤᠰᠠᠷᠠᠩ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠳᠤᠨᠤᠨ ᠳᠤᠭᠤᠯᠯᠠᠭᠠᠤᠨ ᠰᠤᠪᠠᠢ᠌ᠷᠠᠭᠰᠠᠨ ᠴᠤ ᠰᠥ᠋ ᠨᠢ ᠬᠤᠵᠢᠷᠠᠭ᠎ᠠ ᠦᠭᠡᠶ᠂ ᠣᠤᠯ ᠤᠨ ᠳᠤᠭᠤᠯ ᠶᠢᠡᠨ ᠭᠦᠭᠦᠭᠦᠯᠦᠭ᠍ᠰᠡᠭᠡᠷ ᠪᠣᠢ ᠦᠨᠢᠶ᠎ᠡ᠃ ᠪᠠᠰᠠ ᠳᠤᠭᠤᠯ ᠦᠭᠡᠶ ᠰᠠᠭᠠᠮᠠᠭᠠᠢ ᠦᠨᠢᠶ᠎ᠡ ᠶᠢ ᠪᠠᠰᠠ ᠭᠡᠯᠡᠳᠡᠭ᠌᠃

ᠬᠠᠢ᠌ᠳᠠᠭ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠯ ᠦᠭᠡᠶ ᠪᠣᠯᠪᠠᠴᠤ ᠰᠦ᠋ ᠲᠡᠶ ᠦᠨᠢᠶ᠎ᠡ᠃

ᠭᠤᠯᠤᠩᠬᠠᠢ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠭᠤᠯ ᠶᠢᠡᠨ ᠣᠷᠭᠢᠭᠠᠤᠨ ᠶᠠᠪᠣᠳᠠᠭ ᠦᠨᠢᠶ᠎ᠡ᠃

ᠰᠢᠯᠢᠷᠡᠳᠡᠭ᠌ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠭᠤᠯᠯᠠᠬᠤ ᠳᠤ ᠪᠠᠨ ᠬᠤᠯᠠ ᠶᠠᠪᠣᠵᠤ ᠳᠤᠭᠤᠯᠯᠠᠳᠠᠭ ᠦᠨᠢᠶ᠎ᠡ᠃

ᠭᠤᠠᠵᠢᠨ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠦᠨᠢᠶ᠎ᠡ᠃

ᠳᠦᠠᠵᠢᠨ ᠦᠨᠢᠶ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠦᠨᠢᠶ᠎ᠡ᠃

ᠭᠤᠨ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠷ᠎ᠡ ᠥᠭᠡᠷ᠃

ᠭᠤᠠᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠦᠨᠢᠶ᠎ᠡ᠃

ᠰᠢᠳᠤᠯᠠᠩ ᠭᠤᠨ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠨ᠎ᠠ ᠶᠢᠨ ᠥᠭᠡᠷ᠎ᠡ ᠳᠠᠭᠤᠳᠠᠯᠭ᠎ᠠ᠃

ᠰᠢᠳᠤᠯᠠᠩ ᠭᠤᠠᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠠᠵᠢ ᠶᠢᠨ ᠥᠭᠡᠷ᠎ᠡ ᠳᠠᠭᠤᠳᠠᠯᠭ᠎ᠠ᠃

ᠰᠤᠶᠤᠯᠠᠩ ᠭᠤᠨ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠡᠷ᠎ᠡ ᠥᠭᠡᠷ᠃

ᠰᠤᠶᠤᠯᠠᠩ ᠭᠤᠠᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠦᠨᠢᠶ᠎ᠡ᠃

ᠳᠦᠨ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠡᠷ᠎ᠡ ᠦᠭᠡᠶ᠃

ᠳᠦᠠᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠦᠨᠢᠶ᠎ᠡ᠃

ᠭᠢᠵᠠᠯᠠᠩ ᠭᠤᠨ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠨ᠎ᠡ ᠶᠢᠨ ᠳᠤᠰᠬᠠᠢ ᠳᠠᠭᠤᠳᠠᠯᠭ᠎ᠠ᠃

ᠭᠢᠵᠠᠯᠠᠩ ᠭᠤᠠᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠠᠵᠢ ᠶᠢᠨ ᠳᠤᠰᠬᠠᠢ ᠳᠠᠭᠤᠳᠠᠯᠭ᠎ᠠ᠃

ᠡᠷ᠎ᠡ ᠰᠢᠳᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠷ᠎ᠡ ᠥᠭᠡᠷ᠃

ᠦᠭᠢᠨ ᠰᠢᠳᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠮ᠎ᠡ ᠥᠭᠡᠷ᠃

ᠡᠷ᠎ᠡ ᠰᠤᠶᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠡᠷ᠎ᠡ ᠥᠭᠡᠷ᠃

ᠦᠭᠢᠨ ᠰᠤᠶᠤᠯᠠᠩ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠦᠨᠢᠶ᠎ᠡ᠃

ᠡᠷ᠎ᠡ ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠡᠷ᠎ᠡ ᠭᠦᠢᠰᠤᠨ ᠤ ᠥᠭᠡᠷ᠃

ᠦᠭᠢᠨ ᠪᠢᠷᠠᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠡᠮ᠎ᠡ ᠭᠦᠢᠰᠤᠨ ᠤ ᠥᠭᠡᠷ᠃

ᠡᠷ᠎ᠡ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠰ ᠵᠢᠯ ᠤᠨ ᠡᠷ᠎ᠡ ᠭᠦᠢᠰᠤᠨ ᠤ ᠳᠦᠯ᠃

ᠦᠭᠢᠨ ᠳᠤᠭᠤᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠰ ᠵᠢᠯ ᠤᠨ ᠡᠮ᠎ᠡ ᠭᠦᠢᠰᠤᠨ ᠤ ᠳᠦᠯ᠃

ᠱᠠᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠰᠠᠭᠠᠤᠨ ᠨᠠᠰᠤ ᠭᠦᠢᠴᠡᠭ᠍ᠰᠡᠨ ᠡᠷ᠎ᠡ ᠥᠭᠡᠷ᠃

ᠰᠤᠩᠭ᠋ᠠᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠷᠭᠤᠭᠠᠨ ᠨᠠᠰᠤᠳᠠᠢ ᠡᠷ᠎ᠡ ᠥᠭᠡᠷ᠃

ᠰᠠᠭᠠᠷᠮᠠᠭ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠷ᠎ᠡ ᠡᠮ᠎ᠡ ᠶᠢᠨ ᠬᠤᠭᠤᠷᠤᠠᠳᠤᠭᠢ ᠴᠢᠨᠠᠷ ᠲᠡᠶ ᠥᠭᠡᠷ᠃

ᠠᠰᠮᠠᠨ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠠᠰᠠᠬᠤ ᠳᠤ ᠥᠷᠦᠭᠡᠰᠤᠨ ᠲᠦᠮᠦᠰᠦ ᠥᠯᠡᠳᠡᠭ᠍ᠰᠡᠨ ᠡᠰᠡᠭᠦᠯ᠎ᠡ ᠳᠤᠳᠤᠷ ᠲᠦᠮᠦᠰᠦ ᠲᠡᠶ ᠡᠷ᠎ᠡ ᠥᠭᠡᠷ᠃

ᠡᠷᠡᠮᠡᠭ᠌ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠪᠠᠤᠨ ᠳᠦᠯᠯᠡᠳᠡᠭ᠌ ᠦᠭᠡᠶ ᠦᠨᠢᠶ᠎ᠡ᠃

ᠡᠷᠰᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠᠭᠠᠷᠮᠠᠭ᠃

ᠴᠠᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠭᠳᠠᠯᠠᠭᠰᠠᠨ ᠡᠷ᠎ᠡ ᠥᠭᠡᠷ᠃

ᠨᠠᠮᠠᠷᠢ ᠶᠢᠨ ᠭᠤᠠᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠭᠤᠯᠯᠠᠬᠤ ᠳᠦᠠᠵᠢ᠃

ᠨᠠᠢ᠌ᠵᠠᠨ ᠥᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠮ᠎ᠡ ᠭᠦᠢᠰᠦᠳᠤ ᠡᠷ᠎ᠡ ᠥᠭᠡᠷ᠃ ᠰᠡᠭᠠᠷᠮᠠᠭ ᠥᠭᠡᠷ᠃


ᠵᠤᠭᠢᠶᠠᠭᠴᠢ ᠶᠢᠨ ᠬᠠᠶ‍ᠢᠭ ᠄ ᠰᠢᠯᠢ ᠶᠢᠨ ᠬᠤᠳᠠ

ᠵᠤᠬᠢᠶᠠᠭᠴᠢ᠄ ᠦᠨᠢᠷᠰᠠᠢ᠌ᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7463
ᠴᠠᠭ᠄ 2010 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ