ᠨᠡᠪᠲᠡᠷᠡᠨ ᠤᠷᠤᠬᠤ
ᠡᠴᠢᠭᠡ ᠳᠡᠭᠡᠨ ᠡᠷᠭᠦᠭᠦ ᠵᠠᠭᠢᠶ᠎ᠠ

ᠡᠯᠪᠠᠷᠢᠯ ᠦᠭᠡᠶ ᠦᠷ᠎ᠡ ᠴᠢᠨᠢ

ᠡᠴᠢᠭᠡ ᠳᠠᠨ ᠳᠠᠭᠠᠨ ᠵᠠᠭᠢᠶ᠎ᠠ ᠪᠢᠴᠢᠨᠠᠮ᠂

ᠠᠴᠢᠯᠠᠯ ᠦᠭᠡᠶ ᠭᠦᠤ ᠴᠢᠨᠢ

ᠠᠪᠣ ᠳᠠᠨ ᠳᠠᠭᠠᠨ ᠵᠠᠭᠢᠶ᠎ᠠ ᠪᠢᠴᠢᠨᠠᠮ᠂

ᠳᠡᠷᠭᠡᠳᠡ ᠪᠠᠢ᠌ᠭᠰᠠᠨ ᠴᠤ

ᠳᠡᠩᠳᠡᠭᠦᠤ ᠠᠯᠤᠰ ᠰᠢᠭ ᠰᠨᠠᠭᠳᠠᠬᠤ

ᠬᠠᠵᠠᠭᠤ ᠳᠤ ᠪᠠᠢ᠌ᠭᠰᠠᠨ ᠴᠤ

ᠬᠤᠯᠠ ᠪᠠᠢ᠌ᠬᠤ ᠰᠢᠭ ᠪᠣᠳᠤᠭᠳᠠᠬᠤ

ᠦᠨᠡᠨ ᠥᠭᠡ ᠪᠠᠨ

ᠥᠭᠡᠯᠡᠵᠤ ᠡᠰᠡ ᠴᠢᠳᠠᠬᠤ

ᠭᠤᠤᠯ ᠤᠨ ᠥᠭᠡ ᠪᠠᠨ

ᠭᠠᠷᠭᠠᠵᠤ ᠡᠰᠡ ᠭᠡᠯᠡᠭᠦ

ᠠᠪᠣ ᠭᠦᠤ ᠶᠢᠨ ᠰᠡᠳᠭᠢᠯ

ᠠᠰ ᠠᠰ ᠤᠨ ᠵᠤᠪᠠᠯᠠᠩ ᠳᠠᠢ

ᠡᠴᠢᠭᠡ ᠦᠷᠠᠰ ᠤᠨ ᠰᠠᠨᠠᠭ᠎ᠠ

ᠦᠪᠡᠷ ᠦᠪᠡᠷ ᠤᠨ ᠦᠵᠡᠯ ᠳᠠᠢ

ᠦᠵᠡᠯ ᠪᠣᠳᠤᠯ ᠬᠤᠶᠠᠷ ᠶᠢᠡᠨ

ᠰᠤᠯᠢᠵᠤ ᠨᠢᠭᠡᠨ ᠦᠵᠡᠶᠤ︕ ᠭᠡᠵᠤ

ᠦᠨᠡᠨ ᠬᠤᠳᠠᠯ ᠬᠤᠶᠠᠷ ᠢ

ᠢᠯᠭᠠᠵᠤ ᠨᠢᠭᠡᠨ ᠭᠡᠯᠡᠶᠤ︕ ᠭᠡᠵᠤ

ᠭᠦᠤ ᠴᠢᠨᠢ᠂ ᠣᠳᠤ ᠳᠠᠨ ᠳ᠋ᠤ

ᠵᠠᠭᠢᠶ᠎ᠠ ᠪᠢᠴᠢᠵᠤ ᠰᠠᠭᠤᠨᠠᠮ︕

ᠬᠤᠠᠳᠠᠭ᠎ᠠ ᠪᠠᠨ ᠲᠦᠷ ᠳᠠᠯᠪᠢᠵᠤ

ᠬᠠᠭᠤᠳᠠᠰᠤ ᠴᠠᠭᠠᠰᠤ ᠶᠢ ᠮᠢᠨᠢ ᠰᠢᠷᠳᠠᠮᠤ︕


ᠠᠯᠳᠠ ᠰᠢᠭ ᠵᠠᠯᠠᠭᠤ ᠨᠠᠰᠤᠨ ᠳ᠋ᠠᠭᠠᠨ

ᠵᠤᠯᠠ ᠰᠢᠭ ᠶᠠᠪᠣᠭᠰᠠᠨ ᠢ ᠴᠢᠨᠢ᠂ ᠦᠭᠡᠶ ᠭᠡᠭᠦ ᠥᠭᠡᠢ

ᠠᠢ᠌ᠯ ᠭᠡᠷ ᠤᠨ ᠶᠢᠡᠨ ᠲᠦᠯᠦᠭᠡ

ᠵᠢᠦᠡᠭᠦᠵᠤ ᠶᠠᠪᠣᠭᠰᠠᠨ ᠢ ᠴᠢᠨᠢ᠂ ᠥᠭᠡᠢ᠌ᠰᠭᠡᠭᠦ ᠥᠭᠡᠢ

ᠠᠴᠢᠷ ᠦᠷᠠᠰ ᠤᠨ ᠶᠢᠡᠨ ᠲᠦᠯᠦᠭᠡ

ᠵᠦᠳᠠᠵᠤ ᠶᠠᠪᠣᠭᠰᠠᠨ ᠢ ᠴᠢᠨᠢ ᠮᠠᠷᠳᠠᠬᠤ ᠥᠭᠡᠢ

ᠣᠬᠠᠭᠠᠨ ᠪᠢᠯᠢᠭ᠌ ᠬᠤᠶᠠᠷ ᠴᠢᠨᠢ

ᠵᠤᠨ ᠰᠢᠭ ᠪᠠᠢ᠌ᠭᠰᠠᠨ ᠢ ᠮᠠᠷᠭᠤᠬᠤ ᠥᠭᠡᠢ

ᠭᠡᠯ᠎ᠡ ᠴᠤ ᠭᠡᠰᠡᠨ᠂ ᠡᠳᠡᠨ

ᠥᠩᠭᠡᠷᠡᠳᠡᠭ᠌ ᠭᠡᠪ ᠶᠢᠡᠷ ᠶᠢᠡᠨ ᠥᠩᠭᠡᠷᠡᠭ᠍ᠰᠡᠨ

ᠭᠡᠷᠡᠯᠳᠤ ᠵᠠᠯᠠᠭᠤ ᠨᠠᠰᠤ ᠴᠢᠨᠢ

ᠥᠳᠡᠯᠳᠡᠭ᠌ ᠶᠤᠰᠤ ᠶᠢᠡᠷ ᠵᠢᠡᠨ ᠥᠳᠡᠯᠦᠭ᠍ᠰᠡᠨ᠂

ᠥᠩᠭᠡᠷᠡᠭ᠍ᠰᠡᠨ ᠪᠦᠭᠦᠨ ᠤ ᠬᠣᠢ᠌ᠨ᠎ᠠ ᠡᠴᠡ

ᠳᠤᠷᠠᠰᠤᠭᠠᠤᠨ ᠪᠠᠢ᠌ᠬᠤ ᠶᠢᠨ ᠭᠡᠷᠡᠭ᠌ ᠠᠯᠠᠭ᠎ᠠ

ᠥᠩᠭᠡᠳᠤ ᠵᠠᠯᠠᠭᠤ ᠨᠠᠰᠤ ᠪᠠᠨ

ᠳᠠᠭᠤᠯᠠᠭᠠᠤᠨ ᠪᠠᠢ᠌ᠬᠤ ᠶᠢᠨ ᠣᠴᠢᠷ ᠠᠯᠠᠭ᠎ᠠ

ᠠᠯᠳᠠᠷ᠂ ᠭᠠᠪᠢᠶ᠎ᠠ ᠬᠤᠶᠠᠷ ᠵᠢᠠᠨ

ᠳᠤᠭᠠᠴᠢᠬᠤ ᠶᠢᠨ ᠴᠤ ᠭᠡᠷᠡᠭ᠌ ᠠᠯᠠᠭ᠎ᠠ

ᠣᠴᠢᠷ ᠢ ᠨᠢ ᠮᠡᠳᠡᠳᠡᠭ᠌ ᠭᠦᠮᠦᠰ

ᠳᠤᠳᠤᠷ᠎ᠠ ᠪᠠᠨ ᠳᠤᠭᠠᠳᠠᠢ ᠪᠠᠢ᠌ᠭ᠎ᠠ

ᠠᠴᠢᠷ ᠦᠷᠠᠰ ᠪᠢᠳᠠᠨ ᠳ᠋ᠡᠭᠡᠨ

ᠭᠠᠪᠢᠶ᠎ᠠ ᠳᠤᠭᠠᠴᠢᠬᠤ ᠶᠢᠨ ᠭᠡᠷᠡᠭ᠌ ᠥᠭᠡᠢ

ᠡᠴᠢᠭᠡ᠂ ᠡᠭᠡ ᠪᠣᠯᠤᠭᠰᠠᠤᠨ ᠤᠨ

ᠡᠭᠦᠷᠭᠡ ᠭᠡᠵᠤ ᠪᠠᠢ᠌ᠭ᠎ᠠ᠂

ᠡᠢ᠌ᠮᠤ ᠶᠢᠨ ᠣᠴᠢᠷ᠂ ᠳᠠ

ᠠᠯᠳᠠᠷ ᠭᠠᠪᠢᠶ᠎ᠠ ᠪᠠᠨ ᠮᠠᠷᠳᠠ᠂

ᠡᠭᠡᠭᠡ ᠠᠳᠠᠯᠢᠬᠠᠨ ᠪᠠᠰᠠ

ᠠᠯᠳᠠᠭ᠎ᠠ᠂ ᠡ᠊ᠨᠳᠡᠯ ᠶᠢᠡᠨ ᠮᠠᠷᠳᠠ᠂

ᠭᠦᠮᠤᠨ ᠪᠦᠭᠦᠨ ᠬᠤᠷᠸ᠎ᠠ ᠳ᠋ᠤ

ᠡ᠊ᠨᠳᠡᠨ ᠪᠠᠢ᠌ᠵᠤ ᠣᠬᠠᠭᠠᠷᠠᠳᠠᠭ

ᠭᠦᠷᠦᠰᠦᠳᠤ ᠣᠷᠴᠢᠯᠠᠩ ᠤᠨ ᠵᠢᠮ᠎ᠠ ᠵᠢ

ᠡᠴᠢᠭᠡ ᠳᠠ ᠮᠢᠨᠢ ᠠᠠᠳᠠᠬᠤ ᠦᠦ︖

ᠲᠡᠭᠡᠨ ᠪᠠᠢ᠌ᠳᠠᠯ᠎ᠠ ᠪᠠᠨ᠂ ᠳᠠ

ᠳᠠᠰᠴᠤ ᠦᠯᠦ ᠴᠢᠳᠠᠬᠤ ᠵᠢ

ᠳᠤᠩᠭ᠋ᠠᠵᠤ ᠦᠯᠦ ᠪᠣᠳᠤᠬᠤ ᠵᠢ

ᠳᠠᠩᠰᠠᠯᠠᠵᠤ ᠭᠡᠯᠡᠮᠡᠷ ᠪᠠᠢ᠌ᠨ᠎ᠠ︕

ᠠᠷᠢᠭᠢ ᠭᠡᠳᠡᠭ᠌ ᠶᠠᠭᠤᠮ᠎ᠠ

ᠷᠠᠰᠢᠶᠠᠨ ᠪᠢᠰᠢ ᠯᠠ ᠳ᠋ᠠ︕ ᠠᠪᠣ ᠮᠢᠨᠢ

ᠣᠭᠤᠷᠠᠭ ᠳᠠᠷᠢᠭᠢ ᠶᠢ ᠴᠢᠨᠢ ᠣᠮᠳᠠᠯᠠᠬᠤ

ᠣᠰᠤ ᠪᠢᠰᠢ ᠯᠠ ᠳ᠋ᠠ︕ ᠡᠴᠢᠭᠡ ᠮᠢᠨᠢ

ᠠᠯᠳᠠ ᠰᠢᠭ ᠮᠦᠩᠭᠦ ᠰᠢᠭ᠌ ᠴᠠᠭ ᠵᠢᠠᠨ

ᠬᠤᠷᠭᠤᠭᠤᠵᠤ ᠳᠡᠭᠦᠨ ᠳᠤ ᠥᠭ᠍ᠪᠠᠯ

ᠠᠰᠬᠠᠷᠠᠨ ᠭᠠᠷᠬᠤ ᠬᠤᠷᠤᠮ ᠵᠢᠠᠨ

ᠯᠤᠩᠬᠤ ᠪᠠᠨ ᠳᠦᠭᠦᠷᠭᠡᠵᠤ ᠬᠤᠯᠠᠳᠤᠨ᠎ᠠ᠂

ᠠᠮᠠ ᠠᠮᠠ ᠪᠠᠷ ᠳᠡᠭᠦᠨ ᠢ

ᠬᠤᠭᠤᠯᠠᠢ ᠵᠥᠭ᠌ ᠶᠢᠡᠨ ᠭᠢᠪᠠᠯ

ᠠᠯᠬᠤᠮ ᠠᠯᠬᠤᠮ ᠶᠢᠡᠷ ᠳᠠᠷᠠ

ᠵᠢᠷᠦᠭᠡᠨ ᠵᠥᠭ᠌ ᠴᠢᠨᠢ ᠤᠢ᠌ᠷᠠᠳᠤᠨ᠎ᠠ᠂

ᠭᠦᠷᠡᠩ ᠣᠯᠠᠭᠠᠨ ᠴᠢᠰᠤ ᠶᠢ ᠴᠢᠨᠢ

ᠭᠠᠯ ᠣᠯᠠᠭᠠᠨ ᠪᠣᠯᠭᠠᠵᠤ

ᠭᠦᠷᠡᠩ ᠵᠢᠷᠦᠭᠡ ᠶᠢ ᠴᠢᠨᠢ᠂ ᠳᠡᠭᠡᠭᠡᠳ

ᠭᠠᠯ ᠰᠢᠭ ᠭᠦᠭ᠍ᠵᠢᠭᠡᠵᠤ ᠳᠦᠷᠡᠯᠵᠡᠭᠦᠯᠤᠨ᠎ᠡ᠂

ᠣᠬᠠᠭᠠᠨ ᠪᠢᠯᠢᠭ᠌ ᠴᠢᠨᠢ ᠭᠦᠷᠳᠡᠯ᠎ᠡ

ᠠᠷᠢᠭᠢᠨ ᠤ ᠠᠭᠠᠭ ᠲᠡᠶ ᠪᠣᠯᠵᠤ

ᠠᠬ᠎ᠠ ᠳᠡᠭᠦᠤ ᠰᠠᠳᠤᠨ ᠡᠴᠡ ᠪᠡᠨ᠂ ᠳᠠ

ᠠᠷᠪᠠᠨ ᠭᠠᠵᠠᠷ ᠬᠤᠯᠠᠳᠤᠨ᠎ᠠ᠂

ᠠᠴᠢᠷ ᠦᠷᠠᠰ ᠴᠢᠨᠢ᠂ ᠳᠠᠨ ᠡᠴᠡ

ᠬᠤᠷᠢᠨ ᠭᠠᠵᠠᠷ ᠵᠠᠢ᠌ᠳᠠᠨ᠎ᠠ᠂

ᠬᠠᠮᠤᠭ ᠰᠡᠭᠦᠯ ᠳᠤ ᠨᠢ᠂ ᠦᠷ᠎ᠡ ᠴᠢᠨᠢ

ᠬᠠᠵᠠᠭᠤ ᠳᠠᠭᠠᠨ ᠪᠠᠢ᠌ᠳᠠᠯ᠎ᠠ ᠪᠠᠨ

ᠭᠡᠯᠡᠭᠦ ᠪᠠᠨ ᠭᠡᠯᠡᠵᠤ ᠴᠢᠳᠠᠯ ᠦᠭᠡᠶ

ᠭᠢᠭᠦ ᠪᠠᠨ ᠭᠢᠵᠤ ᠳᠠᠢ᠌ᠯᠤᠯ ᠥᠭᠡᠢ

ᠬᠤᠷᠢᠨ ᠭᠠᠵᠠᠷ ᠤᠨ ᠠᠯᠤᠰ ᠲᠤ ᠰᠢᠭ

ᠵᠠᠭᠢᠶ᠎ᠠ ᠪᠢᠴᠢᠵᠤ ᠰᠠᠭᠤᠨ᠎ᠠ᠂

ᠬᠤᠩᠭ᠋ᠤᠷ ᠵᠢᠷᠦᠭᠡᠨ ᠤ ᠥᠭᠡ ᠪᠠᠨ

ᠬᠠᠭᠤᠳᠠᠰᠤ ᠴᠠᠭᠠᠰᠤᠨ ᠳᠤ ᠰᠢᠩᠭᠡᠭᠡᠨ᠎ᠡ᠃


ᠡᠳᠦᠷ ᠡᠳᠦᠷ ᠤᠨ ᠭᠢᠳᠠᠯ ᠳ᠋ᠡᠭᠡᠨ

ᠵᠦᠳᠠᠵᠤ ᠪᠠᠢ᠌ᠭ᠎ᠠ ᠶᠢ ᠴᠢᠨᠢ ᠮᠠᠳᠠᠪᠠᠴᠤ

ᠦᠷ᠎ᠡ ᠴᠢᠨᠢ ᠮᠢᠨᠤ ᠪᠣᠳᠤᠬᠤ ᠪᠠᠷ

ᠵᠦᠪ ᠪᠣᠷᠤᠭᠤ ᠳᠤᠩᠭ᠋ᠤᠷᠴᠤ ᠪᠠᠢ᠌ᠨ᠎ᠠ᠂

ᠭᠢᠳᠡᠭ᠌ ᠠᠵᠢᠯ ᠶᠢᠡᠨ ᠭᠢᠭᠦ ᠥᠭᠡᠢ

ᠭᠡᠷᠡᠭ᠌ ᠦᠭᠡᠶ ᠶᠠᠭᠤᠮ᠎ᠠ ᠣᠷᠤᠯᠳᠤᠵᠤ

ᠬᠠᠶᠠ ᠳᠠᠭᠠᠨ ᠬᠡᠦᠬᠡᠳ ᠳᠤᠭᠯᠠᠬᠤ ᠰᠢᠭ

ᠭᠡᠷᠡᠭ᠌ ᠡᠴᠡ ᠶᠢᠡᠨ ᠵᠠᠢ᠌ᠳᠠᠵᠤ ᠪᠠᠢ᠌ᠬᠤ ᠶᠤᠮ᠂

ᠠᠮᠢᠳᠤᠷᠠᠯ ᠶᠢᠡᠨ ᠢᠯᠡᠭᠦᠤ ᠪᠣᠳᠤ ᠭᠡᠵᠤ

ᠠᠪᠣ ᠳᠠᠨ ᠳᠠᠭᠠᠨ ᠭᠡᠯᠡᠮᠡᠷ ᠪᠠᠢ᠌ᠨ᠎ᠠ᠂

ᠠᠯᠳᠠᠷ ᠨᠠᠷ᠎ᠠ ᠶᠢ ᠣᠷᠭᠢ ᠭᠡᠵᠤ

ᠠᠭᠢᠨ ᠵᠠᠯᠭᠠᠵᠤ ᠶᠠᠷᠢᠮᠠᠷ ᠪᠠᠢ᠌ᠨ᠎ᠠ᠂

ᠬᠤᠭᠤᠰᠤᠨ ᠠᠯᠳᠠᠷ ᠤᠨ ᠲᠦᠯᠦᠭᠡ

ᠮᠡᠷᠭᠡᠨ ᠭᠦᠮᠤᠨ ᠵᠢᠦᠡᠭᠦᠳᠡᠭ᠌ ᠥᠭᠡᠢ

ᠬᠤᠪᠴᠢ ᠨᠤᠬᠠᠢ ᠶᠢᠨ ᠬᠣᠢ᠌ᠨ᠎ᠠ ᠡᠴᠡ

ᠰᠠᠴᠠᠨ ᠭᠦᠮᠤᠨ ᠪᠣᠰᠳᠠᠭ ᠥᠭᠡᠢ

ᠦᠪᠡᠷ ᠤᠨ ᠶᠢᠡᠨ ᠲᠦᠯᠦᠭᠡ ᠭᠢᠭ᠍ᠰᠡᠨ ᠪᠤᠯ

ᠦᠷᠦᠭᠡᠯ ᠤᠨ ᠭᠡᠯᠡᠭᠦ ᠶᠢ ᠪᠣᠤ ᠬᠠᠮᠢᠶᠠᠷ

ᠬᠤᠪᠴᠢ ᠥᠭᠡ ᠬᠤᠭᠤᠯᠠ ᠪᠣᠯᠬᠤ ᠥᠭᠡᠢ

ᠭᠦᠯᠳᠡᠭᠦᠰᠤ ᠭᠡᠳᠡᠭ᠌ ᠭᠠᠯ ᠪᠣᠯᠬᠤ ᠥᠭᠡᠢ

ᠲᠦᠮᠡᠨ ᠤ ᠬᠤᠭᠤᠯᠠᠢ ᠨᠢᠭᠡ ᠪᠣᠯᠵᠤ

ᠮᠢᠩᠭ᠋ᠠᠨ ᠤ ᠥᠭᠡ ᠢᠵᠢᠯ ᠪᠣᠯᠤᠭᠰᠠᠨ ᠴᠤ

ᠳᠦᠷᠤᠯ ᠢ ᠴᠢᠨᠢ ᠭᠡᠷᠪᠡ ᠮᠠᠭᠤᠯᠠᠪᠠᠯ

ᠲᠦᠯᠠᠢ ᠶᠤᠮ ᠰᠢᠭ ᠳᠤᠭᠤᠢ ᠪᠠᠢ︕

ᠵᠦᠳᠠᠵᠤ ᠵᠤᠪᠠᠬᠤ ᠶᠢᠨ ᠴᠠᠭ ᠳᠤ

ᠲᠦᠰᠢᠵᠤ ᠠᠪᠳᠠᠭ ᠨᠢ ᠰᠠᠳᠤᠨ

ᠶᠠᠳᠠᠵᠤ ᠶᠠᠪᠣᠬᠤ ᠶᠢᠨ ᠦᠶ᠎ᠡ ᠳ᠋ᠤ

ᠲᠡᠳᠬᠦᠵᠤ ᠦᠭ‍ᠭᠦ ᠨᠢ ᠳᠦᠷᠤᠯ

ᠠᠯᠢ ᠮᠠᠭᠤ ᠰᠠᠳᠤᠨ ᠶᠢᠡᠨ ᠴᠤ

ᠭᠤᠮᠤᠳᠠᠭᠠᠵᠤ ᠪᠣᠤ ᠦᠵᠡᠶ᠎ᠠ︕

ᠠᠢ᠌ᠯ ᠰᠠᠭᠠᠬᠠᠯᠳᠠ ᠶᠢᠨ ᠪᠦᠭᠦᠨ ᠵᠢᠠᠨ

ᠭᠦᠡᠳᠦᠯᠡᠵᠤ ᠬᠠᠢ᠌ᠷᠠᠯᠠᠵᠤ ᠶᠠᠪᠣᠶ᠎ᠠ︕

ᠦᠷ᠎ᠡ ᠴᠢᠨᠢ ᠪᠢ᠂ ᠢᠩᠭᠢᠵᠤ ᠪᠣᠳᠤᠳᠠᠭ ᠶᠤᠮ

ᠡᠴᠢᠭᠡ ᠳᠠᠨ ᠳᠠᠭᠠᠨ ᠴᠤ ᠢᠩᠭᠢᠵᠤ ᠭᠡᠯᠡᠯ᠎ᠡ᠂

ᠡᠴᠢᠭᠡ ᠳᠠ ᠮᠢᠨᠢ ᠳᠤᠩᠭ᠎ᠠ

ᠡᠨᠡᠷᠢᠯ ᠭᠡᠰᠢᠭ᠌ ᠶᠢᠡᠨ ᠬᠠᠢ᠌ᠷᠠᠯᠠ︕


ᠰᠦᠨᠢ ᠰᠦᠨᠢ ᠶᠢᠨ ᠨᠣᠢ᠌ᠷ ᠴᠢᠨᠢ

ᠬᠤᠯᠵᠢᠵᠤ ᠪᠠᠢ᠌ᠭ᠎ᠠ ᠶᠢ ᠴᠢᠨᠢ ᠮᠠᠳᠠᠪᠠᠴᠤ

ᠰᠦᠨᠢᠵᠢᠨ ᠪᠣᠳᠤᠬᠤ ᠵᠣᠢ᠌ᠯ ᠴᠢᠨᠢ

ᠬᠤᠯᠠᠳᠵᠤ ᠪᠠᠢ᠌ᠬᠤ ᠰᠢᠭ ᠰᠠᠨᠠᠭᠳᠠᠨ᠎ᠠ᠂

ᠣᠳᠤ ᠡᠴᠡ ᠡᠭᠢᠯᠡᠨ ᠶᠠᠭᠠᠭᠢᠵᠤ

ᠠᠮᠢᠳᠤᠷᠠᠯ ᠶᠢᠡᠨ ᠳᠡᠭ᠍ᠰᠢᠯᠡᠭᠦ ᠪᠢᠯᠠ ᠭᠡᠵᠤ

ᠣᠷᠢᠳᠤ ᠶᠢᠨ ᠭᠠᠷᠭᠠᠭᠰᠠᠨ ᠠᠯᠳᠠᠭ᠎ᠠ ᠪᠠᠨ

ᠣᠳᠤ ᠶᠠᠭᠠᠭᠢᠵᠤ ᠨᠥᠭᠦᠭᠦ ᠪᠢᠯᠠ ᠭᠡᠵᠤ

ᠡᠳᠦᠷ ᠰᠦᠨᠢ ᠦᠭᠡᠶ ᠪᠣᠳᠤᠪᠠᠯ

ᠠᠷᠭ᠎ᠠ ᠭᠡᠳᠡᠭ᠌ ᠴᠢᠨᠢ ᠣᠯᠳᠠᠨ᠎ᠠ᠂

ᠦᠨᠡᠨ ᠥᠭᠡ ᠪᠠᠨ ᠭᠡᠯᠡᠪᠠᠯ

ᠠᠬ᠎ᠠ ᠳᠡᠭᠦᠤ ᠰᠠᠳᠤᠨ ᠴᠢᠨᠢ ᠳᠤᠰᠠᠯᠠᠨ᠎ᠠ᠂

ᠥᠭᠡᠷ᠎ᠡ ᠭᠦᠮᠤᠨ ᠴᠢᠮᠠᠳᠤ

ᠣᠬᠠᠭᠠᠨ ᠵᠢᠭᠠᠵᠤ ᠴᠤ ᠮᠠᠳᠠᠨ᠎ᠠ᠂

ᠦᠷ ᠰᠦᠨᠢ ᠶᠢᠨ ᠵᠠᠭᠠᠭ ᠪᠠᠷ

ᠣᠩᠭ᠋ᠤᠳ ᠪᠠᠭᠤᠬᠤ ᠴᠤ ᠮᠠᠭᠠᠤᠨ︕

ᠬᠠᠷᠢᠨ ᠳᠠ ᠪᠣᠷᠤᠭᠤ ᠰᠠᠳᠭᠢᠪᠠᠯ

ᠬᠠᠵᠠᠭᠠᠢ ᠠᠠᠳᠠᠭᠤ ᠵᠦᠷᠢᠭᠦᠤ ᠪᠣᠳᠤᠪᠠᠯ

ᠠᠯᠳᠠᠭ᠎ᠠ ᠳᠡᠭᠡᠷ᠎ᠡ ᠠᠯᠳᠠᠭ᠎ᠠ ᠨᠠᠮᠠᠵᠤ

ᠠᠮᠢᠳᠤᠷᠠᠯ ᠣᠯᠠᠮ ᠰᠠᠭᠠᠷᠠᠨ᠎ᠠ᠂

ᠠᠪᠬᠤ ᠶᠢᠨ ᠳᠠᠮᠳᠤᠭ ᠦᠭᠡᠶ ᠪᠣᠯᠵᠤ

ᠠᠰ ᠤᠨ ᠪᠠᠶ᠎ᠠ ᠴᠢᠨᠢ ᠵᠦᠳᠠᠨ᠎ᠠ᠂

ᠠᠢ᠌ᠯ ᠭᠡᠷ ᠪᠣᠰᠬᠠᠭ᠎ᠠ ᠥᠭᠡᠢ

ᠠᠴᠢᠷ ᠦᠷᠠᠰ ᠴᠢᠨᠢ ᠶᠠᠳᠠᠨ᠎ᠠ᠂

ᠭᠡᠳᠦᠭᠡᠨ ᠡᠳᠦᠷ ᠤᠨ ᠵᠠᠷᠤᠯᠭ᠎ᠠ ᠵᠢ

ᠬᠠᠮᠢᠭ᠎ᠠ ᠡᠴᠡ ᠶᠠᠭᠠᠭᠢᠵᠤ ᠠᠷᠭᠠᠯᠠᠬᠤ ᠪᠠᠨ

ᠭᠡᠳᠤᠨ ᠮᠤ ᠭᠠᠵᠠᠷ ᠵᠢᠠᠨ

ᠭᠡᠨ ᠡᠴᠡ ᠶᠠᠭᠠᠭᠢᠵᠤ ᠬᠠᠷᠠᠮᠨᠠᠬᠤ ᠪᠠᠨ

ᠭᠡᠨ ᠢ ᠶᠠᠭᠠᠭᠢᠵᠤ ᠵᠠᠩᠨᠠᠬᠤ ᠪᠠᠨ

ᠭᠡᠨ ᠲᠡᠶ ᠶᠠᠭᠠᠭᠢᠵᠤ ᠭᠡᠷᠡᠯᠳᠦᠭᠦ ᠪᠠᠨ

ᠪᠣᠳᠤᠬᠤ ᠭᠡᠷᠡᠭ᠌ ᠦᠭᠡᠶ᠂ ᠳᠠ

ᠪᠣᠷᠤᠭᠤ ᠭᠡᠳᠡᠭ᠌ ᠴᠢᠨᠢ᠂ ᠡᠨᠡ ᠪᠠᠢ᠌ᠨ᠎ᠠ

ᠪᠣᠰᠤᠳ ᠤᠨ ᠪᠣᠷᠤᠭᠤ ᠶᠢ ᠳᠤᠭᠠᠴᠢᠬᠤ ᠪᠠᠷ

ᠦᠪᠡᠷ ᠤᠨ ᠠᠯᠳᠠᠭ᠎ᠠ ᠪᠠᠨ ᠮᠠᠳᠠ᠂

ᠪᠣᠰᠤᠳ ᠤᠨ ᠲᠦᠯᠦᠭᠡ ᠠᠮᠢᠳᠤᠷᠠᠬᠤ ᠪᠠᠷ

ᠦᠪᠡᠷ ᠤᠨ ᠶᠢᠡᠨ ᠲᠦᠯᠦᠭᠡ ᠪᠣᠳᠤ᠂

ᠠᠯᠳᠠᠭ᠎ᠠ ᠪᠦᠭᠦᠨ ᠶᠢᠡᠨ ᠪᠦᠭᠦᠳᠡ ᠵᠢ

ᠪᠣᠰᠤᠳ ᠳᠤ ᠦᠭ‍ᠭᠦᠭᠡᠳ ᠠᠮᠠᠷᠠᠳᠠᠭ ᠪᠣᠯ

ᠦᠷ᠎ᠡ ᠴᠢᠨᠢ ᠪᠣᠯᠤᠭᠰᠠᠨ ᠤ ᠬᠤᠪᠢ ᠪᠠᠷ

ᠪᠦᠭᠦᠨ ᠢ ᠪᠢ ᠠᠪᠣᠶ᠎ᠠ︕

ᠠᠯᠳᠠᠷ᠂ ᠭᠠᠪᠢᠶ᠎ᠠ ᠬᠤᠶᠠᠷ ᠢ

ᠦᠨᠡᠰᠤᠨ ᠤ ᠳᠠᠳᠤᠢ ᠪᠣᠳᠤᠬᠤ ᠥᠭᠡᠢ

ᠠᠷᠪᠠᠨ ᠳᠡᠷᠭᠡ ᠠᠴᠢᠶ᠎ᠠ ᠵᠢ

ᠦᠰᠦᠨ ᠤ ᠳᠠᠳᠤᠢ ᠰᠠᠨᠠᠬᠤ ᠥᠭᠡᠢ

ᠭᠦᠤ ᠴᠢᠨᠢ ᠪᠢ ᠪᠦᠭᠦᠨ ᠢ ᠳᠠᠭᠠᠶ᠎ᠠ︕

ᠪᠣᠷᠤᠭᠤ ᠪᠦᠭᠦᠨ ᠢ ᠴᠢᠨᠢ᠂ ᠪᠦᠭᠦᠳᠡ ᠶᠢ ᠠᠪᠣᠶ᠎ᠠ︕

ᠪᠣᠰᠤᠳ ᠡᠴᠡ ᠳᠤᠳᠠᠭᠤ ᠦᠭᠡᠶ ᠠᠮᠢᠳᠤᠷᠠᠬᠤ

ᠭᠦᠰᠡᠯ ᠨᠠᠳᠠ ᠳᠤ ᠪᠠᠢ᠌ᠳᠠᠭ ᠶᠢᠡᠷ ᠵᠢᠠᠨ

ᠣᠬᠠᠭᠠᠨ ᠳᠤᠳᠠᠭᠤ ᠴᠤ ᠭᠦᠤ ᠴᠢᠨᠢ

ᠠᠮᠢᠳᠤᠷᠠᠯ ᠳᠤ ᠯᠠᠪ ᠰᠥᠭᠦᠷᠡᠭᠦ ᠦᠭᠡᠶ᠃


          2009.12.8


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ