☆ ᠢᠯᠠᠯᠳᠤ
ᠮᠥᠷᠦᠭᠡᠳᠦᠯ
ᠰᠢᠩᠬᠤᠨ ᠣᠯᠠᠭᠠᠨ ᠵᠢᠷᠦᠭᠡᠨ ᠳᠤᠯᠳᠤ ᠡᠴᠡ
ᠭᠦᠪᠦᠷᠡᠭ᠍ᠰᠡᠨ ᠮᠥᠷᠦᠭᠡᠳᠦᠯ ᠢ
ᠰᠠᠷ᠎ᠠ ᠲᠡᠶ ᠰᠦᠨᠢ ᠶᠢᠨ ᠣᠶᠠᠬᠠᠨ ᠭᠡᠷᠡᠯ
ᠴᠤᠩᠬᠤᠨ ᠳᠡᠭᠡᠷ᠎ᠡ ᠴᠢᠨᠢ ᠣᠶᠠᠨ᠎ᠠ᠂
ᠰᠠᠨᠠᠵᠤ ᠣᠶᠠᠷᠠᠭᠰᠠᠨ ᠵᠥᠭᠡᠯᠡᠨ ᠮᠥᠷᠦᠭᠡᠳᠦᠯ ᠶᠢᠡᠨ
ᠴᠢᠮ᠎ᠠ ᠳᠤ ᠪᠠᠨ ᠭᠡᠯᠡᠭᠦ ᠭᠡᠵᠤ
ᠰᠠᠩᠭᠢᠨᠠᠵᠤ ᠣᠴᠢᠬᠤ ᠰᠠᠯᠭᠢᠨ ᠪᠣᠯᠵᠤ
ᠰᠠᠠᠴᠢᠭ ᠳᠡᠭᠡᠷ᠎ᠡ ᠴᠢᠨᠢ ᠰᠠᠭᠤᠨ᠎ᠠ᠃
ᠪᠠᠶᠠᠷ ᠭᠤᠨᠢᠭ ᠤᠨ ᠨᠢᠯᠪᠣᠰᠤ ᠪᠠᠨ
ᠡᠩᠭᠡᠷ ᠳᠡᠭᠡᠷ᠎ᠡ ᠴᠢᠨᠢ ᠣᠨᠠᠭᠠᠬᠤ ᠳᠤ
ᠪᠣᠷᠤ ᠳᠠᠯ᠎ᠠ ᠪᠠᠨ ᠰᠢᠭ ᠪᠦᠯᠢᠶᠡᠨ ᠬᠠᠷᠠᠴᠠ ᠪᠠᠷ
ᠨᠠᠳᠠ ᠶᠢ ᠮᠡᠳᠡᠭ᠍ᠰᠡᠨ
ᠪᠣᠴᠠᠬᠤ ᠬᠤᠨ ᠤ ᠣᠢ᠌ᠤᠠᠬᠤ ᠳᠠᠭᠤᠨ ᠳᠤ
ᠪᠣᠳᠤᠯ ᠰᠡᠳᠭᠢᠯ ᠡᠪᠭᠡᠷᠦᠭᠡᠳ
ᠪᠣᠳᠤᠯ ᠤᠨ ᠴᠠᠪᠠᠷ ᠮᠥᠷᠦᠭᠡᠳᠦᠯ ᠳᠤ ᠪᠠᠨ
ᠭᠠᠭᠴᠠ ᠭᠡᠵᠤ ᠪᠢᠴᠢᠭᠡᠰᠤ ᠲᠡᠶ ᠬᠤᠨᠤᠯ᠎ᠠ᠃
ᠠᠳᠤᠭᠤᠨ ᠦᠣᠷᠰᠠᠯ ᠬᠤᠯᠠᠳᠠᠭᠰᠠᠨ
ᠶᠠᠪᠠᠭᠠᠨ ᠳᠠᠯ᠎ᠠ ᠳᠤ ᠪᠠᠨ
ᠠᠶᠠᠨ ᠡᠴᠡ ᠬᠤᠴᠤᠷᠠᠭᠰᠠᠨ ᠬᠤᠨ ᠨᠢ ᠪᠣᠯᠵᠤ
ᠪᠢ ᠬᠤᠷᠭᠤᠳᠠᠨ᠎ᠠ᠂
ᠠᠵᠠ ᠪᠠᠷ ᠨᠠᠳᠠ ᠶᠢ ᠣᠶᠠᠷᠠᠭᠤᠨ ᠪᠣᠯᠭᠠᠭᠰᠠᠨ
ᠴᠢᠮ᠎ᠠ ᠳᠡᠭᠡᠷ᠎ᠡ
ᠮᠥᠷᠦᠭᠡᠳᠦᠯ ᠤᠨ ᠳᠡᠭ᠍ᠷᠢ ᠡᠴᠡ
ᠪᠣᠷᠤᠭ᠎ᠠ ᠪᠣᠯᠵᠤ ᠪᠢ ᠱᠠᠭᠢᠨ᠎ᠠ᠁
ᠵᠤᠭᠢᠶᠠᠭᠴᠢ ᠶᠢᠨ ᠬᠠᠶᠢᠭ ᠄ ᠲᠦᠩᠯᠢᠶᠤᠤ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ
ᠵᠤᠬᠢᠶᠠᠭᠴᠢ᠄ ᠢᠯᠠᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ