ᠨᠡᠪᠲᠡᠷᠡᠨ ᠤᠷᠤᠬᠤ
ᠳᠠᠯ᠎ᠠ ᠶᠢᠨ ᠪᠦᠷᠭᠦᠤᠨ

ᠮᠢᠨᠤ ᠨᠤᠳᠤᠭ ᠤᠨ ᠬᠠᠯᠠᠭᠤᠨ ᠰᠢᠷᠤᠢ

ᠮᠢᠨᠤ ᠠᠪᠣ ᠶᠢᠨ ᠪᠦᠭ᠍ᠳᠦᠷ ᠨᠢᠷᠤᠭᠤ

ᠨᠠᠮ᠎ᠠ ᠶᠢ ᠨᠡᠩᠵᠢᠭ᠍ᠰᠡᠨ ᠬᠠᠢ᠌ᠷ᠎ᠠ ᠶᠢᠨ ᠨᠢᠳᠤ

ᠮᠤᠩᠭ᠋ᠤᠯ ᠠᠭᠳᠠ ᠶᠢᠨ ᠳᠠᠴᠢᠭᠢᠨᠠᠭᠰᠠᠨ ᠳᠦᠪᠠᠷᠭᠡᠨ

ᠬᠠᠭᠢᠷ ᠰᠡᠭᠦᠳᠡᠷ ᠢ ᠦᠪᠡᠷ ᠳᠤ ᠪᠠᠨ ᠬᠤᠷᠢᠶᠠᠭᠰᠠᠨ ᠵᠠᠶᠠᠭᠠᠨ ᠤ ᠪᠠᠨ ᠳᠤᠷᠠᠨ

ᠬᠠᠳᠠᠭᠤ ᠵᠥᠭᠡᠯᠡᠨ ᠢ ᠬᠠᠷᠠᠴᠠᠨ ᠳᠤ ᠪᠠᠨ ᠰᠢᠩᠭᠡᠭᠡᠭ᠍ᠰᠡᠨ ᠮᠤᠩᠭ᠋ᠤᠯ ᠥᠰᠦᠭ᠌

ᠬᠠᠯᠠᠭᠤᠨ ᠭᠦᠢᠳᠡᠨ ᠢ ᠰᠠᠪᠠᠷ ᠲᠤ ᠪᠠᠨ ᠪᠠᠢ᠌ᠯᠭᠠᠭᠰᠠᠨ ᠰᠠᠷᠠᠨ ᠤ ᠵᠢᠮ

ᠬᠠᠩᠬᠤᠯᠠᠳᠠᠯ᠎ᠠ ᠰᠠᠨᠠᠵᠤ ᠴᠡᠴᠡᠭᠯᠡᠵᠤ ᠢᠷᠡᠭ᠍ᠰᠡᠨ ᠬᠠᠪᠣᠷ ᠤᠨ ᠳᠡᠯᠭᠡᠷ ᠨᠠᠷᠠ

ᠣᠳᠤᠳ ᠤᠨ ᠳᠤᠶᠠᠭᠠᠨ ᠳᠤ ᠣᠶᠠᠷᠠᠵᠤ ᠪᠠᠭᠤᠭᠰᠠᠨ ᠦᠳᠦ ᠰᠦᠳᠤ

ᠣᠷᠴᠢᠯᠠᠩ ᠤᠨ ᠣᠯᠠᠭᠠᠨ ᠳᠤᠭᠤᠰᠤᠨ ᠳᠤ ᠨᠠᠳᠠ ᠡᠴᠠ ᠬᠠᠢ᠌ᠷᠠᠳᠠᠢ ᠬᠠᠷᠠᠬᠠᠨ ᠴᠢᠯᠠᠭᠤ᠁  


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2012 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ