ᠨᠡᠪᠲᠡᠷᠡᠨ ᠤᠷᠤᠬᠤ
ᠨᠤᠳᠤᠭ ᠮᠢᠨᠢ ᠮᠥᠩᠭᠡ ᠪᠠᠢ᠌ᠳᠤᠭᠠᠢ

ᠠᠷᠢᠭᠤᠨ ᠮᠤᠩᠭ᠋ᠤᠯ ᠠᠭᠤᠳᠠᠮ ᠨᠤᠳᠤᠭ ᠳᠠᠭᠠᠨ  

ᠠᠶ᠎ᠠ ᠳᠠᠭᠤᠤ ᠪᠠᠨ ᠡᠷᠭᠦᠨ ᠳᠠᠭᠤᠯᠠᠶ᠎ᠠ  

ᠠᠮᠢᠨ ᠬᠠᠢ᠌ᠷᠠᠳᠤ ᠠᠪᠣ ᠶᠢᠨ ᠨᠤᠳᠤᠭ ᠵᠢᠠᠨ  

ᠡᠡᠷᠡᠳ ᠤᠨ ᠮᠦᠩᠭᠦ ᠪᠠᠷ ᠠᠷᠠᠯᠵᠢᠶᠠᠯᠠᠬᠤ ᠦᠭᠡᠶ ᠰᠢᠤ  

    ᠡᠶ᠎ᠡ ᠨᠠᠢ᠌ᠷᠠᠮᠳᠠᠭᠤ ᠡᠭᠡ ᠣᠷᠤᠨ ᠳᠤ ᠪᠠᠨ

    ᠡᠯᠢᠭᠡᠰᠢᠭᠦ ᠰᠢᠯᠦᠭ᠌ ᠶᠢᠡᠨ ᠣᠶᠠᠩᠭ᠋ᠠᠯᠠᠨ ᠳᠡᠪᠰᠢᠭᠦᠯᠦᠶ᠎ᠡ

    ᠡᠯᠢᠭᠡᠨ ᠬᠠᠢ᠌ᠷᠠᠳᠤ ᠡᠵᠢ ᠶᠢᠨ ᠨᠤᠳᠤᠭ ᠵᠢᠠᠨ

    ᠡᠷᠢᠶᠡᠨ ᠴᠠᠭᠠᠰᠤ ᠪᠠᠷ ᠰᠤᠯᠢᠬᠤ ᠦᠭᠡᠶ ᠰᠢᠤ

ᠢᠷᠭᠤᠢ ᠴᠡᠴᠡᠭ᠍ᠳᠤ ᠥᠵᠡᠰᠭᠦᠯᠡᠩ ᠨᠤᠳᠤᠭ ᠲᠤ ᠪᠠᠨ

ᠢᠪᠠᠭᠡᠯ ᠪᠣᠶᠠᠨ ᠶᠢᠡᠨ ᠡᠳ᠋ᠯᠡᠭᠦᠯᠵᠤ ᠦᠭ‍ᠭᠦᠶ᠎ᠡ

ᠢᠯᠠᠭᠳᠠᠰᠢ ᠦᠭᠡᠶ ᠢᠳᠡᠷᠭᠦᠨ ᠥᠯᠦᠭᠡᠢ ᠳ᠋ᠡᠭᠡᠨ

ᠢᠵᠠᠭᠤᠷ ᠦᠨᠳᠦᠰᠦ ᠪᠠᠨ ᠢᠳᠡᠷᠰᠢᠭᠦᠯᠵᠤ ᠰᠠᠭᠤᠶ᠎ᠠ

    ᠣᠭᠢ ᠰᠢᠮᠡᠯᠢᠭ᠌ ᠳᠠᠯ᠎ᠠ ᠨᠤᠳᠤᠭ ᠲᠤ ᠪᠠᠨ

    ᠣᠢ ᠶᠢᠨ ᠳᠠᠪᠠᠯᠭᠠᠨ ᠠᠮᠢᠯᠠᠭᠤᠯᠵᠤ ᠶᠠᠪᠣᠶ᠎ᠠ

    ᠤᠭ᠍ᠶᠤ ᠡᠷᠳᠡᠨᠢ ᠮᠤᠩᠭ᠋ᠤᠯ ᠠᠮᠢᠳᠤᠷᠠᠯ ᠳᠤ ᠪᠠᠨ

    ᠣᠶᠤᠨ ᠣᠬᠠᠭᠠᠨ ᠶᠢᠡᠨ ᠠᠰᠬᠠᠷᠠᠭᠤᠯᠵᠤ ᠰᠠᠭᠤᠶ᠎ᠠ

ᠣᠳᠤᠮ ᠣᠭᠰᠠᠭ᠎ᠠ ᠡᠩᠭᠦᠷᠡᠢ ᠨᠤᠳᠤᠭ ᠲᠤ ᠪᠠᠨ

ᠣᠬᠠᠭᠠᠨ ᠴᠢᠳᠠᠯ ᠶᠢᠡᠨ ᠠᠰᠬᠠᠷᠠᠭᠤᠯᠵᠤ ᠰᠠᠭᠤᠶ᠎ᠠ

ᠣᠤᠭᠤᠭᠰᠠᠨ ᠣᠰᠤ ᠣᠨᠠᠭᠰᠠᠨ ᠰᠢᠷᠤᠢ ᠳᠤ ᠪᠠᠨ

ᠣᠤᠠᠬ᠎ᠠ ᠰᠤᠶᠤᠯ ᠤᠨ ᠴᠡᠴᠡᠭ᠌ ᠳᠠᠷᠢᠵᠤ ᠶᠠᠪᠣᠶ᠎ᠠ

    ᠦᠰᠴᠦ ᠳᠦᠷᠦᠭ᠍ᠰᠡᠨ ᠥᠯᠦᠭᠡᠢ ᠨᠤᠳᠤᠭ ᠲᠤ ᠪᠠᠨ

    ᠥᠭᠡᠷᠡᠴᠢᠯᠡᠯᠳᠡ ᠶᠢᠨ ᠠᠯᠬᠤᠭ᠎ᠠ ᠪᠠᠨ ᠴᠢᠩᠭ᠋ᠠᠷᠠᠭᠤᠯᠵᠤ ᠰᠠᠭᠤᠶ᠎ᠠ

    ᠥᠭᠡᠳᠡᠯᠡᠭᠦ ᠡᠷᠡᠨ ᠤ ᠰᠤᠳᠤᠨ ᠠᠮᠵᠢᠯᠳᠠ ᠳᠤ ᠪᠠᠨ

    ᠣᠢ᠌ᠯᠠᠰ ᠪᠦᠳᠦᠭᠡᠭᠦ ᠳᠠᠨᠠᠷ ᠢ ᠪᠠᠨ ᠭᠦᠰᠡᠶ᠎ᠡ

ᠦᠷ᠎ᠡ ᠬᠣᠢ᠌ᠴᠢᠰ ᠵᠠᠯᠭᠠᠮᠵᠢᠯᠠᠭᠴᠢ ᠳ᠋ᠠᠭᠠᠨ

ᠥᠩᠰᠢᠭ᠌ ᠨᠤᠳᠤᠭ ᠶᠢᠡᠨ ᠥᠯᠡᠳᠡᠭᠡᠵᠤ ᠦᠭ‍ᠭᠦᠶ᠎ᠡ

ᠦᠨᠢᠷ ᠪᠠᠶᠠᠯᠢᠭ ᠮᠤᠩᠭ᠋ᠤᠯ ᠨᠤᠳᠤᠭ ᠮᠢᠨᠢ

ᠦᠨᠢ ᠡᠭᠦᠷᠢᠳᠡ ᠮᠥᠩᠭᠡ ᠪᠠᠢ᠌ᠳᠤᠭᠠᠢ


    

ᠵᠤᠬᠢᠶᠠᠭᠴᠢ ᠶᠢᠨ ᠬᠠ‍‌ᠶᠢᠭ ᠄ ᠬᠠᠩᠭᠢᠨ ᠬᠤᠰᠢᠭᠤᠨ ᠤ ᠳᠸᠯᠸᠢᠰ ᠬᠤᠷᠢᠶ᠎ᠠ

ᠵᠤᠬᠢᠶᠠᠭᠴᠢ᠄ ᠪᠣᠶᠠᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 11 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ