☆ ᠰᠠᠯᠵᠢᠳ
ᠠᠪᠣ ᠶᠢᠨ ᠴᠢᠨᠢ ᠴᠢᠨᠠᠭᠰᠠᠨ ᠠᠭᠠᠭᠳᠠᠢ ᠴᠠᠢ
ᠠᠷᠢᠭᠤᠨ ᠳᠤᠩᠭ᠋ᠠᠯᠠᠭ ᠪᠣᠯᠠᠭ ᠤᠨ ᠶᠢᠡᠨ ᠣᠰᠤ ᠶᠢ
ᠠᠷᠠᠯᠳᠤ ᠳᠡᠷᠭᠡ ᠪᠠᠷ ᠶᠢᠡᠨ ᠳᠡᠭᠡᠭᠡᠵᠤ ᠢᠷᠡᠭ᠍ᠰᠡᠨ᠂
ᠠᠴᠢᠯᠠᠯᠳᠤ ᠡᠵᠢ ᠴᠢᠨᠢ ᠬᠠᠳᠠᠭᠠᠯᠠᠵᠤ ᠪᠠᠢ᠌ᠭᠰᠠᠨ
ᠠᠮᠳᠠᠳᠤ ᠰᠠᠢ᠌ᠬᠠᠨ ᠰᠦ᠋ ᠪᠠᠷ ᠰᠠᠮᠠᠷᠠᠭᠰᠠᠨ᠃
ᠠᠭᠠᠷᠠᠤ ᠽᠠᠠᠳᠠᠨ ᠣᠭᠤᠷ ᠲᠠᠭᠠᠨ ᠨᠥᠳᠦᠭ᠍ᠰᠡᠨ
ᠠᠷᠢᠭᠤᠨ ᠴᠠᠪᠠᠷ ᠳᠤᠭᠤᠭᠠᠨ ᠳᠠᠭᠠᠨ ᠴᠢᠨᠠᠭᠰᠠᠨ᠂
ᠠᠮᠳᠠ ᠶᠢᠨ ᠳᠡᠭᠡᠵᠢ ᠶᠢ ᠰᠦ᠋ ᠪᠠᠷ ᠪᠢᠯᠬᠠᠭᠤᠯᠠᠵᠤ
ᠠᠯᠳᠠᠨ ᠥᠩᠭᠡ ᠪᠠᠷ ᠳᠤᠮᠪᠣᠤ ᠶᠢ ᠳᠤᠳᠤᠷᠠᠯᠠᠭᠰᠠᠨ᠃
ᠠᠯᠤᠰ ᠤᠨ ᠭᠠᠵᠠᠷ ᠡᠴᠡ ᠦᠨᠦᠷ ᠲᠤ ᠨᠢ ᠰᠤᠭᠳᠤᠭᠤᠷᠠᠬᠤ
ᠠᠪᠣ ᠶᠢᠨ ᠴᠢᠨᠢ ᠴᠢᠨᠠᠭᠰᠠᠨ ᠠᠭᠠᠭᠳᠠᠢ ᠴᠠᠢ᠂
ᠠᠷᠢᠭᠤᠨ ᠭᠦᠰᠡᠯ ᠶᠢᠡᠨ ᠢᠷᠦᠭᠡᠯ ᠳᠡᠭᠡᠨ ᠪᠠᠭᠳᠠᠭᠠᠭᠰᠠᠨ
ᠠᠵᠢᠯᠴᠢ ᠠᠪᠣ ᠶᠢᠨ ᠴᠢᠨᠢ ᠠᠮᠳᠠᠳᠠᠢ ᠴᠠᠢ᠃
ᠵᠤᠬᠢᠶᠠᠭᠴᠢ ᠶᠢᠨ ᠬᠠᠶᠢᠭ ᠄ ᠪᠠᠭᠡᠵᠢᠩ
ᠵᠤᠬᠢᠶᠠᠭᠴᠢ᠄ ᠰᠠᠯᠵᠢᠳ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 11 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ