ᠨᠡᠪᠲᠡᠷᠡᠨ ᠤᠷᠤᠬᠤ
ᠳᠡᠭ᠍ᠷᠢ ᠬᠠᠪᠣᠭᠰᠠᠨ ᠵᠡᠭᠦᠤ
᠊᠊᠊᠊᠊᠊᠊᠊᠊᠊᠊᠊᠊᠊᠊ ᠯᠧ᠊·ᠮᠦᠩᠭᠡ ᠳᠤ ᠵᠤᠷᠢᠭᠤᠯᠪᠠ

          

ᠵᠠᠳᠠᠷᠠᠭᠰᠠᠨ ᠳᠡᠭ᠍ᠷᠢ ᠶᠢ ᠬᠠᠪᠣᠬᠤ ᠭᠡᠵᠤ

ᠪᠢᠯᠢᠭ᠌ ᠤᠨ ᠵᠡᠭᠦᠤ ᠡᠷᠢᠵᠤ ᠢᠷᠡᠭ᠍ᠰᠡᠨ ᠰᠠᠨ᠂ ᠨᠠᠢ᠌ᠵᠠ ᠮᠢᠨᠢ

ᠵᠠᠩᠭᠠᠷᠠᠵᠤ ᠪᠠᠭᠤᠬᠤ ᠨᠢᠯᠪᠣᠰᠤᠨ ᠳᠤ ᠮᠢᠨᠢ

ᠪᠠᠭ᠍ᠳᠡᠷᠡᠵᠤ ᠳᠠᠷᠠ ᠮᠢᠨᠢ ᠭᠠᠭᠴᠠᠭᠠᠷ ᠬᠠᠷᠠᠭᠳᠠᠭᠰᠠᠨ ᠶᠤᠮ

ᠰᠠᠯᠠᠮ᠎ᠠ ᠪᠠᠷᠢᠭᠠᠤᠨ

ᠪᠠᠷᠠᠭ᠎ᠠ ᠨᠢ ᠪᠣᠯᠳᠠᠭ ᠶᠤᠮ ᠦᠦ ᠭᠡᠵᠤ ᠪᠣᠰᠤᠯ᠎ᠠ

ᠰᠡᠳᠭᠢᠯ ᠤᠨ ᠵᠡᠭᠦᠤ ᠪᠠᠨ ᠬᠠᠷᠢᠨ ᠨᠠᠢ᠌ᠵᠠ ᠮᠢᠨᠢ

ᠭᠡᠯᠡᠨ ᠡᠴᠠ ᠮᠢᠨᠢ ᠰᠥᠭᠦᠷᠡᠵᠤ ᠭᠤᠶᠤᠬᠤ ᠶᠤᠮ

ᠠᠰᠬᠠᠷᠠᠭᠰᠠᠨ ᠨᠢᠯᠪᠣᠰᠤᠨ ᠳᠤ ᠪᠠᠨ ᠪᠣᠭᠤᠵᠤ

ᠨᠠᠠᠳᠢᠨ ᠪᠠᠯᠡᠭ᠌ ᠢ ᠨᠢ ᠭᠠᠷᠳᠠᠭᠤᠯᠤᠯ᠎ᠠ

ᠠᠯᠳᠠᠨ ᠳᠡᠷᠢᠭᠦᠤ ᠪᠠᠷ ᠶᠢᠡᠨ ᠥᠵᠦᠭ᠌ ᠪᠣᠯᠵᠤ

ᠰᠢᠯᠦᠭ᠌ ᠤᠨ ᠣᠩᠭᠤᠳ ᠨᠠᠮᠠᠵᠤ ᠦᠭ‍ᠭᠦᠯ᠎ᠡ︕

ᠰᠡᠮᠡᠷᠭᠡᠢ ᠳᠡᠭ᠍ᠷᠢ ᠶᠢ

ᠰᠠᠳᠤᠵᠤ ᠳᠠᠷᠠ ᠬᠠᠪᠣᠭᠰᠠᠨ ᠯᠠ ᠶᠤᠮ

ᠰᠡᠳᠭᠢᠯ ᠶᠢᠡᠷ ᠪᠣᠯᠳᠠᠭ ᠦᠭᠡᠶ ᠣᠢ᠌ᠯᠠ ᠳ᠋ᠤ

ᠢᠳᠡᠭᠡᠯ ᠶᠢᠡᠷ ᠰᠣᠢ᠌ᠷᠠᠵᠤ ᠭᠤᠮᠤᠳᠠᠭᠰᠠᠨ ᠴᠤ ᠶᠤᠮ

ᠰᠢᠳᠡᠭᠦ ᠣᠢ᠌ᠯᠠ ᠳᠡᠭ᠍ᠷᠢ ᠪᠣᠯᠬᠤᠷ

ᠰᠢᠷᠭᠡᠭ᠌ ᠵᠡᠭᠦᠤ ᠪᠠᠰᠤᠭᠳᠠᠭᠰᠠᠨ ᠨᠢ ᠳᠠᠷᠠ

ᠰᠢᠯᠦᠭ᠌ ᠤᠨ ᠣᠩᠭᠤᠳ ᠠᠰᠬᠠᠷᠠᠬᠤ ᠪᠦᠷᠢ

ᠰᠢᠨᠤᠯᠠᠭᠰᠠᠨ ᠠᠶᠤᠩᠭ᠎ᠠ ᠨᠢᠷᠭᠡᠳᠡᠭ᠌ ᠨᠢ ᠴᠤ ᠳᠠᠢ᠌ᠮᠤ︕   ᠨᠠᠢ᠌ᠵᠠ ᠮᠢᠨᠢ


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2011 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ