ᠨᠡᠪᠲᠡᠷᠡᠨ ᠤᠷᠤᠬᠤ
ᠦᠨᠳᠦᠰᠦᠳᠠᠨ ᠤ ᠥᠭᠡ ᠭᠡᠯᠡ ᠥᠰᠦᠭ ᠪᠢᠴᠢᠭ᠌ ᠤᠨ ᠢᠷᠡᠭᠡᠳᠦᠢ ᠶᠢᠨ ᠳᠤᠬᠠᠢ ᠪᠣᠳᠤᠯᠭᠠᠰᠢᠷᠠᠯ

ᠳᠡᠦᠭᠡ ᠶᠢᠨ ᠬᠠᠭᠤᠳᠠᠰᠤ ᠳᠡᠭ᠍ᠷᠢ ᠶᠢᠨ ᠠᠶᠤᠩᠭ᠋᠎ᠠ ᠰᠢᠭ ᠴᠠᠭᠢᠯᠤᠭᠰᠠᠨ ᠨᠢᠭᠡᠨ ᠦᠶ᠎ᠡ ᠶᠢᠨ ᠭᠠᠢ᠌ᠬᠠᠮᠰᠢᠭᠳᠤ ᠦᠨᠳᠦᠰᠦᠳᠠᠨ ᠤ ᠰᠢᠵᠢᠷ ᠠᠯᠳᠠᠨ ᠳᠡᠦᠭᠡ ᠶᠢ ᠡᠪᠭᠡᠵᠤ ᠬᠤᠷᠢᠨ ᠨᠢᠭᠡᠳᠦᠭᠡᠷ ᠵᠠᠭᠤᠨ ᠤ ᠬᠠᠭᠤᠳᠠᠰᠤ ᠶᠢ ᠰᠡᠭᠦᠵᠤ ᠪᠠᠢ᠌ᠨ᠎ᠠ᠃ ᠳᠡᠭᠡᠭᠦ ᠳᠤ ᠬᠤᠷᠢᠨ ᠨᠢᠭᠡᠳᠦᠭᠡᠷ ᠵᠠᠭᠤᠨ ᠳᠡᠷᠡᠭᠦ ᠨᠢᠭᠡᠨ ᠦᠶ᠎ᠡ ᠶᠢᠨ ᠭᠠᠢ᠌ᠬᠠᠮᠰᠢᠭᠳᠤ ᠦᠨᠳᠦᠰᠦᠳᠠᠨ ᠤ ᠬᠣᠢ᠌ᠴᠢᠰ ᠤᠨ ᠰᠢᠠᠳᠠᠰᠤ ᠶᠢ ᠨᠢ ᠰᠤᠷᠢᠵᠤ ᠪᠠᠢ᠌ᠨ᠎ᠠ᠃ ᠭᠡᠯᠡᠭᠦ ᠦᠭᠡᠶ ᠴᠤ ᠭᠡᠰᠡᠨ ᠳᠠᠶᠠᠭᠠᠷ ᠶᠢᠡᠨ ᠴᠦᠮ ᠮᠠᠳᠠᠨ᠎ᠠ᠂ ᠡᠨᠡ ᠪᠣᠯ ᠮᠠᠨ ᠤ ᠦᠨᠳᠦᠰᠦᠳᠠᠨ᠂ ᠮᠤᠩᠭ᠋ᠤᠯ ᠦᠨᠳᠦᠰᠦᠳᠠᠨ᠃

《ᠮᠤᠩᠭ᠋ᠤᠯ ᠭᠡᠳᠡᠭ᠌ ᠨᠢᠭᠡ ᠨᠠᠷ᠎ᠠ ᠶ‍ᠢᠷᠳᠢᠠᠴᠤ ᠶᠢᠨ ᠴᠢᠭᠢᠨ᠎ᠠ ᠳᠠᠭᠤᠷᠢᠰᠬᠠᠯᠳᠠᠢ ᠮᠤᠩᠭ᠋ᠤᠯ ᠤᠨ ᠳᠦᠯᠦᠭᠡ ᠭᠡᠳᠡᠭ᠌ ᠰᠠᠨᠠᠭ᠎ᠠ ᠪᠢᠳᠠᠨ ᠤ ᠵᠢᠷᠦᠭᠡᠨ ᠳᠤ ᠬᠤᠯᠪᠣᠭᠠᠳᠠᠢ》 ᠭᠡᠳᠡᠭ᠍ᠴᠢᠯᠡᠨ ᠭᠦᠭᠡ ᠮᠥᠩᠭᠦᠨ ᠳᠡᠭ᠍ᠷᠢ᠂ ᠭᠦᠷᠦᠰᠦᠳᠤ ᠠᠭᠤᠳᠠᠮ ᠮᠤᠩᠭ᠋ᠤᠯ ᠨᠤᠳᠤᠭ ᠲᠠᠭᠠᠨ ᠬᠠᠢ᠌ᠷ᠎ᠠ ᠦᠭᠡᠶ ᠮᠤᠩᠭ᠋ᠤᠯ ᠭᠦᠮᠤᠨ ᠨᠢᠭᠡ ᠴᠤ ᠦᠭᠡᠶ ᠭᠡᠵᠤ ᠪᠢ ᠪᠠᠳᠤ ᠢᠳᠡᠭᠡᠳᠡᠭ᠌᠃

ᠳᠡᠭᠡᠭᠦ ᠳᠤ ᠮᠠᠨ ᠤ ᠨᠢᠭᠡ ᠪᠦᠯᠦᠭ᠌ ᠮᠤᠩᠭ᠋ᠤᠯᠴᠤᠳ ᠤᠨ ᠦᠨᠳᠦᠰᠦᠳᠠᠨ ᠤ ᠣᠬᠠᠮᠰᠠᠷ ᠪᠠᠯᠠᠷᠬᠠᠢ᠌ᠰᠢᠭᠰᠠᠨ ᠡᠴᠡ ᠪᠣᠯᠵᠤ ᠦᠨᠳᠦᠰᠦᠳᠠᠨ ᠤ ᠥᠭᠡ ᠭᠡᠯᠡ ᠥᠰᠦᠭ᠌ ᠪᠢᠴᠢᠭ᠌ ᠶᠢᠡᠨ ᠬᠠᠶᠠᠵᠤ ᠪᠣᠢ ᠭᠡᠵᠤ ᠥᠵᠡᠳᠡᠭ᠌᠃ ᠳᠠᠳᠠ ᠬᠡᠦᠬᠡᠳ ᠶᠢᠡᠨ ᠭᠢᠳᠠᠤᠨ ᠶᠢᠡᠷ ᠪᠢᠴᠢᠭ᠌ ᠥᠵᠡᠭᠦᠯᠦᠭ᠍ᠰᠡᠨ ᠭᠡᠷ ᠤᠨ ᠠᠬᠠᠮᠠᠤᠨ ᠶᠢᠡᠨ ᠥᠭᠦᠨ ᠵᠢᠭ᠍ᠰᠢᠳᠡᠭ᠌᠂ ᠳᠠᠳᠠ ᠭᠢᠳᠠᠤᠨ ᠪᠣᠶᠤ ᠪᠣᠰᠤᠳ ᠭᠡᠯᠡ ᠪᠠᠷ ᠢᠯᠡᠳᠭᠡᠳᠡᠭ᠌ ᠮᠤᠩᠭ᠋ᠤᠯᠴᠤᠳ ᠶᠢᠡᠨ ᠥᠭᠦᠨ ᠵᠢᠭ᠍ᠰᠢᠳᠡᠭ᠌᠃ ᠦᠪᠣᠷ ᠮᠤᠩᠭ᠋ᠤᠯᠴᠤᠳ ᠨᠢ ᠠᠷᠤ ᠮᠤᠩᠭ᠋ᠤᠯ ᠶᠢᠡᠨ ᠶᠠᠳᠠᠭᠤ ᠭᠡᠵᠤ ᠭᠤᠯᠤᠳᠠᠭ᠃ ᠠᠷᠤ ᠮᠤᠩᠭ᠋ᠤᠯ ᠨᠢ ᠦᠪᠣᠷ ᠮᠤᠩᠭ᠋ᠤᠯᠴᠤᠳ ᠶᠢᠡᠨ 《ᠪᠣᠰᠤᠳ ᠤᠨ ᠡᠷᠭᠡᠨ ᠳᠤ ᠵᠢᠷᠭᠠᠬᠤ ᠪᠠᠷ᠂ ᠦᠪᠡᠷ ᠤᠨ ᠡᠷᠭᠡᠨ ᠳᠡᠭᠡᠨ ᠵᠤᠪᠠᠵᠤ ᠶᠠᠪᠣᠶ᠎ᠠ》 ᠭᠡᠵᠤ ᠶᠤᠵᠤᠯᠠᠳᠠᠭ᠃ ᠢᠩᠭᠢᠵᠤ ᠬᠠᠷᠢᠯᠴᠠᠨ ᠭᠠᠳᠠᠭᠤᠷᠴᠢᠯᠠᠭᠠᠤᠨ ᠪᠠᠢ᠌ᠪᠠᠯ ᠮᠤᠩᠭ᠋ᠤᠯ ᠦᠨᠳᠦᠰᠦᠳᠠᠨ ᠶ‍ᠢᠷᠳᠢᠠᠴᠤ ᠶᠢᠨ ᠪᠣᠯᠪᠠᠰᠤᠷᠠᠯ ᠡᠴᠡ ᠬᠤᠴᠤᠷᠤᠨ᠎ᠠ᠃

ᠳᠠᠢ᠌ᠮᠤ ᠡ᠂ ᠪᠢᠳᠠ ᠪᠦᠷ ᠮᠠᠳᠠᠨ᠎ᠠ᠂ ᠮᠤᠩᠭ᠋ᠤᠯ ᠥᠭᠡ ᠭᠡᠯᠡ ᠥᠰᠦᠭ᠌ ᠪᠢᠴᠢᠭ᠌ ᠮᠠᠨᠢ ᠭᠢᠮᠤᠷᠠᠯ ᠳᠤ ᠣᠴᠠᠷᠠᠵᠤ ᠪᠣᠢ᠃ ᠡᠨᠡ ᠨᠢ ᠴᠤᠬᠤᠮ ᠮᠠᠨ ᠤ ᠵᠠᠷᠢᠮ ᠮᠤᠩᠭ᠋ᠤᠯᠴᠤᠳ ᠤᠨ ᠭᠡᠯᠡᠳᠡᠭ᠌ ᠮᠤᠩᠭ᠋ᠤᠯᠴᠤᠳ ᠤᠨ ᠮᠠᠨᠢ ᠳᠠᠷᠢᠭᠢᠨ ᠳ᠋ᠠᠭᠢ ᠦᠨᠳᠦᠰᠦᠳᠠᠨ ᠶᠢᠡᠨ ᠭᠡᠭᠦ ᠣᠬᠠᠮᠰᠠᠷ ᠪᠠᠯᠠᠷᠬᠠᠢ᠌ᠰᠢᠵᠤ ᠪᠠᠢ᠌ᠬᠤ ᠡᠴᠡ ᠪᠣᠯᠤᠭᠰᠠᠨ ᠶᠤᠮ ᠦᠦ︖ ᠭᠡᠳᠡᠭ᠌ ᠤᠨ ᠳᠤᠬᠠᠢ ᠪᠢ ᠨᠠᠯᠢᠶᠠᠤᠨ ᠬᠤᠭᠤᠴᠠᠭ᠎ᠠ ᠪᠣᠳᠤᠯᠭᠢᠯᠠᠯ᠎ᠠ᠃ ᠮᠢᠨᠤ ᠶᠠᠷᠢᠭᠰᠠᠨ ᠵᠣᠢ᠌ᠯ ᠯᠠᠪᠳᠠᠢ ᠶᠤᠰᠤᠳᠠᠢ ᠭᠡᠵᠤ ᠪᠢ ᠡ᠊ᠨᠳᠡ ᠪᠠᠳᠤᠯᠠᠬᠤ ᠠᠷᠭ᠎ᠠ ᠦᠭᠡᠶ᠂ ᠭᠡᠪᠠᠴᠤ ᠳᠡᠦᠭᠡ ᠶᠢᠨ ᠦᠨᠡᠨ ᠶᠢᠡᠷ ᠪᠢᠳᠠ ᠲ᠋ᠤᠯᠢ ᠪᠣᠯᠭᠠᠵᠤ ᠪᠣᠯᠤᠨ᠎ᠠ᠃

ᠨᠠᠢ᠌ᠳᠠ ᠶᠢᠨ ᠣᠨ ᠳᠤᠭᠠᠯᠠᠯ ᠤᠨ ᠭᠤᠷᠪᠠᠳᠤᠭᠠᠷ ᠵᠠᠭᠤᠨ ᠡᠴᠡ ᠡᠮᠦᠨ᠎ᠡ ᠣᠳᠤ ᠶᠢᠨ ᠫᠠᠯᠸᠰᠲ᠋ᠠᠢ᠌ᠨ ᠢᠰᠷᠸᠯ ᠤᠨ ᠨᠤᠳᠤᠭ ᠳᠡᠭᠡᠷ᠎ᠡ ᠢᠪᠷᠠᠢ ᠦᠨᠳᠦᠰᠦᠳᠠᠨ ᠪᠣᠯᠪᠠᠰᠤᠨ ᠳᠡᠦᠭᠡ ᠪᠠᠨ ᠱᠤᠭᠤᠵᠤ ᠪᠦᠳᠦᠭᠡᠭ᠍ᠰᠡᠨ ᠶᠤᠮ᠃ ᠨᠠᠢ᠌ᠳᠠ ᠶᠢᠨ ᠣᠨ ᠳᠤᠭᠠᠯᠠᠯ ᠡᠴᠡ ᠡᠮᠦᠨ᠎ᠡ ᠨᠢᠭᠡᠳᠦᠭᠡᠷ ᠵᠠᠭᠤᠨ ᠳᠤ ᠭᠦᠴᠦᠷᠭᠡᠭ᠌ ᠶᠡᠭᠡ ᠷᠤᠮᠠ ᠬᠠᠭᠠᠠᠳᠤ ᠣᠯᠤᠰ ᠢᠪᠷᠠᠢ᠌ᠴᠤᠳ ᠢ ᠳᠦᠷᠢᠮᠡᠭᠡᠢ᠌ᠯᠡᠵᠤ᠂ ᠢᠪᠷᠠᠢ᠌ᠴᠤᠳ ᠨᠤᠳᠤᠭ ᠣᠰᠤᠨ ᠡᠴᠡ ᠪᠠᠨ ᠰᠠᠯᠵᠤ ᠳᠡᠯᠡᠭᠡᠢ ᠶᠢᠨ ᠡᠯ᠎ᠡ ᠭᠠᠵᠠᠷ ᠲᠤ ᠳᠡᠨᠦᠭᠦᠴᠢᠯᠡᠵᠡᠢ᠃ ᠳᠡᠭᠡᠭᠦ ᠳᠤ 1948 ᠣᠨ ᠳᠤ ᠳᠡᠯᠡᠭᠡᠢ ᠶᠢ ᠳᠤᠩᠰᠤᠯᠭᠠᠭᠰᠠᠨ ᠭᠠᠢ᠌ᠬᠠᠮᠰᠢᠭᠳᠤ ᠣᠴᠢᠷ ᠫᠠᠯᠸᠰᠲ᠋ᠠᠢ᠌ᠨ ᠣᠷᠤᠨ ᠳᠤ ᠡᠭᠦᠰᠪᠡ᠂ 1948 ᠣᠨ ᠳᠤ ᠫᠠᠯᠸᠰᠲ᠋ᠠᠢ᠌ᠨ ᠤ ᠨᠤᠳᠤᠭ ᠳᠡᠪᠢᠰᠭᠡᠷ ᠳᠡᠭᠡᠷ᠎ᠡ ᠪᠦᠭᠦ ᠳᠡᠯᠡᠭᠡᠢ ᠳᠤ ᠳᠠᠷᠬᠠᠵᠤ ᠶᠠᠪᠣᠭᠰᠠᠨ ᠢᠪᠷᠠᠢ᠌ᠴᠤᠳ ᠤᠨ ᠭᠦᠷᠤᠨ ᠢᠰᠷᠸᠯ ᠣᠯᠤᠰ ᠢ ᠪᠠᠢ᠌ᠭᠤᠯᠪᠠ᠃ ᠳᠡᠭᠡᠭᠦ ᠮᠥᠷᠳᠡᠭᠡᠨ ᠬᠤᠶᠠᠷ ᠮᠢᠩᠭ᠋᠎ᠠ ᠭᠠᠷᠤᠢ ᠵᠢᠯ ᠭᠡᠷᠡᠭᠯᠡᠭᠦ ᠪᠠᠨ ᠵᠤᠭᠰᠤᠭᠰᠠᠨ ᠥᠭᠡ ᠭᠡᠯᠡ ᠥᠰᠦᠭ᠌ ᠪᠢᠴᠢᠭ᠌ ᠶᠢᠡᠨ ᠡᠷᠳᠡᠨ ᠤ ᠰᠤᠷᠪᠣᠯᠵᠢ ᠪᠢᠴᠢᠭ᠌ ᠡᠴᠡ ᠳᠡᠭᠦᠨ ᠴᠤᠭᠯᠠᠭᠤᠯᠵᠤ ᠳᠠᠭᠢᠨ ᠰᠡᠷᠭᠦᠭᠡᠳ ᠬᠠᠤᠯᠢ ᠶᠤᠰᠤᠨ ᠤ ᠥᠰᠦᠭ᠌ ᠪᠢᠴᠢᠭ᠌ ᠶᠢᠡᠨ ᠪᠣᠯᠭᠠᠪᠠ᠃ ᠢᠪᠷᠠᠢ᠌ᠴᠤᠳ ᠢᠩᠭᠢᠵᠤ ᠪᠦᠭᠦ ᠳᠡᠯᠡᠭᠡᠢ ᠳ᠋ᠠᠭᠢᠨ ᠢ ᠰᠤᠴᠢᠭᠠᠵᠤ ᠬᠠᠶᠠᠪᠠ᠃

ᠢᠪᠷᠠᠢ᠌ᠴᠤᠳ ᠲᠤ ᠣᠴᠠᠷᠠᠭᠰᠠᠨ ᠭᠦᠴᠢᠷ ᠪᠠᠷᠭᠡᠰᠢᠶᠡᠯ ᠠᠯᠢ ᠴᠤ ᠦᠨᠳᠦᠰᠦᠳᠠᠨ ᠡᠴᠡ ᠳᠠᠪᠠᠨ᠎ᠠ᠃ ᠳᠡᠯᠡᠭᠡᠢ ᠶᠢᠨ ᠬᠤᠶᠠᠳᠤᠭᠠᠷ ᠳᠠᠢ᠌ᠨ ᠤ ᠳᠤᠮᠳᠠ ᠭᠧᠷᠮᠡᠨ ᠢᠪᠷᠠᠢ᠌ᠴᠤᠳ ᠢ《ᠰᠢᠭᠠᠷᠠᠤ》 ᠦᠨᠳᠦᠰᠦᠳᠠᠨ ᠭᠡᠵᠤ ᠪᠦᠭᠦ ᠭᠧᠷᠮᠡᠨ ᠤ ᠭᠢᠯᠢ ᠳ᠋ᠠᠭᠢ ᠢᠪᠷᠠᠢ᠌ᠴᠤᠳ ᠲᠤ ᠬᠠᠷᠭᠢᠰ ᠭᠡᠷᠴᠡᠭᠡᠢ ᠭᠢᠳᠤᠯᠭ᠎ᠠ ᠶᠠᠪᠣᠭᠤᠯᠪᠠ᠃ ᠭᠡᠪᠠᠴᠤ ᠦᠨᠦᠳᠤᠷ ᠢᠪᠷᠠᠢ ᠦᠨᠳᠦᠰᠦᠳᠠᠨ ᠮᠦᠨ ᠯᠠ ᠢᠪᠷᠠᠢ ᠦᠨᠳᠦᠰᠦᠳᠠᠨ ᠶᠢᠡᠷ ᠶᠢᠡᠨ᠁

ᠳᠡᠭᠡᠭᠦ ᠳᠤ ᠣᠳᠤ ᠪᠦᠭᠦ ᠭᠦᠮᠤᠨ ᠲᠦᠷᠦᠯᠭᠢᠳᠠᠨ ᠤ 1% ᠴᠤ ᠭᠦᠷᠭᠦ ᠦᠭᠡᠶ ᠢᠪᠷᠠᠢ᠌ᠴᠤᠳ ᠨᠢ ᠥᠷᠭᠦᠯᠵᠢ ᠭᠦᠮᠦᠰ ᠤᠨ ᠶᠠᠷᠢᠯᠴᠠᠭᠠᠨ ᠤ ᠰᠠᠳᠤᠪ ᠪᠣᠯᠵᠤ᠂ ᠪᠣᠰᠤᠳ ᠤᠨ ᠠᠩᠬᠠᠷᠤᠯ ᠢ ᠳᠠᠳᠠᠳᠠᠭ᠃ ᠵᠠᠷᠢᠮ ᠨᠠᠷ᠎ᠠ ᠭᠦᠡᠳᠦᠳᠤ ᠭᠦᠮᠦᠰ᠄ ᠨᠢᠭᠡᠨ ᠪᠠᠶᠠᠨ ᠢᠪᠷᠠᠢ ᠭᠦᠮᠤᠨ ᠭᠡᠷ ᠲᠡᠭᠡᠨ ᠨᠢᠭᠡ ᠨᠠᠢ᠌ᠳᠠᠭᠠᠪᠠᠯ ᠪᠦᠭᠦ ᠳᠡᠯᠡᠭᠡᠢ ᠶᠢᠨ ᠠᠯᠢᠪᠠ ᠪᠠᠩᠭᠢ ᠴᠦᠮ ᠭᠢᠮᠤᠷᠠᠨ᠎ᠠ᠃ ᠳᠠᠪᠤᠨ ᠢᠪᠷᠠᠢ ᠳᠤᠮᠤ ᠪᠠᠶᠠᠨ ᠴᠤᠭ ᠰᠠᠭᠤᠪᠠᠯ᠂ ᠪᠦᠭᠦ ᠭᠦᠮᠤᠨ ᠲᠦᠷᠦᠯᠭᠢᠳᠠᠨ ᠤ ᠰᠢᠵᠢᠷ ᠠᠯᠳᠠᠨ ᠤ ᠵᠠᠬ᠎ᠠ ᠳᠡᠯᠭᠡᠭᠦᠷ ᠢ ᠡᠵᠡᠮᠰᠢᠵᠤ ᠳᠠᠢ᠌ᠯᠤᠨ᠎ᠠ ᠭᠡᠵᠤ ᠶᠠᠷᠢᠭᠰᠠᠨ ᠪᠠᠢ᠌ᠳᠠᠭ᠃ ᠠᠮᠸᠷᠢᠺᠴᠤᠳ ᠤᠨ ᠳᠤᠮᠳᠠ ᠨᠢᠭᠡ ᠥᠭᠡ ᠥᠷᠭᠡᠨ ᠶᠢᠡᠷ ᠣᠯᠠᠮᠵᠢᠯᠠᠭᠳᠠᠵᠤ ᠪᠠᠢ᠌ᠳᠠᠭ᠃ ᠳᠠᠷᠤᠢ 《ᠠᠮᠸᠷᠢᠺᠠ ᠶᠢᠨ ᠵᠤᠭᠤᠰ ᠢᠪᠷᠠᠢ᠌ᠴᠤᠳ ᠤᠨ ᠬᠠᠷᠮᠠᠨ ᠳᠤ》 ᠭᠡᠰᠡᠨ ᠭᠡᠯᠡᠯᠭᠡ ᠪᠣᠢ᠃ ᠢᠪᠷᠠᠢ ᠭᠦᠮᠤᠨ ᠪᠣᠯ ᠪᠦᠭᠦ ᠳᠡᠯᠡᠭᠡᠢ ᠳ᠋ᠠᠭᠢᠨ ᠤ ᠬᠠᠮᠤᠭ ᠤᠨ ᠰᠢᠯᠢᠳᠡᠭ᠌ ᠠᠷᠠᠯᠵᠢᠶᠠᠴᠢᠨ᠃ ᠶᠠᠭ ᠡᠢ᠌ᠮᠤ ᠡᠴᠡ ᠪᠣᠯᠵᠤ ᠳᠠᠳᠠ ᠬᠤᠶᠠᠷ ᠮᠢᠩᠭ᠋ᠠᠨ ᠵᠢᠯ ᠴᠢᠮᠡᠭᠡ ᠠᠨᠢᠷ ᠦᠭᠡᠶ ᠪᠣᠯᠤᠭᠰᠠᠨ ᠦᠨᠳᠦᠰᠦᠳᠠᠨ ᠤ ᠥᠭᠡ ᠭᠡᠯᠡ ᠪᠠᠨ ᠰᠡᠷᠭᠦᠭᠡᠵᠤ᠂ ᠢᠪᠷᠠᠢ ᠦᠨᠳᠦᠰᠦᠳᠠᠨ ᠤ ᠣᠯᠤᠰ ᠢ ᠪᠠᠢ᠌ᠭᠤᠯᠬᠤ ᠳᠤ ᠭᠦᠴᠦᠷᠭᠡᠭ᠌ ᠶᠡᠭᠡ ᠠᠵᠤ ᠠᠬᠤᠢ ᠶᠢᠨ ᠰᠠᠭᠤᠷᠢ ᠲᠡᠶ ᠪᠣᠯᠤᠭᠰᠠᠨ ᠪᠠᠢ᠌ᠨ᠎ᠠ᠃ ᠭᠡᠷᠪᠡ ᠢᠪᠷᠠᠢ᠌ᠴᠤᠳ ᠤᠨ ᠬᠠᠷᠮᠠᠨ ᠳᠤ ᠵᠤᠭᠤᠰ ᠪᠠᠢ᠌ᠭᠰᠠᠨ ᠦᠭᠡᠶ ᠪᠣᠯ ᠶᠠᠭᠠᠭᠢᠳᠠᠭ ᠪᠣᠯ︖ ᠳᠠᠳᠠ ᠳᠡᠦᠭᠡ ᠶᠢᠨ ᠭᠠᠢ᠌ᠬᠠᠮᠰᠢᠭ ᠢ ᠪᠦᠳᠦᠭᠡᠵᠤ ᠳᠠᠢ᠌ᠯᠤᠨ᠎ᠠ ᠭᠡᠵᠤ ᠦᠦ︖ ᠭᠦᠴᠦᠷᠭᠡᠭ᠌ ᠶᠡᠭᠡ ᠠᠵᠤ ᠠᠬᠤᠢ ᠶᠢᠨ ᠭᠦᠴᠤᠨ ᠢᠪᠷᠠᠢ ᠦᠨᠳᠦᠰᠦᠳᠠᠨ ᠪᠠ ᠳᠠᠳᠠᠨ ᠤ ᠥᠭᠡ ᠭᠡᠯᠡ ᠶᠢ ᠳᠠᠭᠢᠨ ᠳᠡᠦᠭᠡ ᠶᠢᠨ ᠬᠠᠭᠤᠳᠠᠰᠤᠨ ᠳᠤ ᠡᠷᠭᠦᠵᠤ ᠪᠣᠰᠬᠠᠪᠠ᠃

ᠪᠣᠴᠠᠭᠠᠤᠨ ᠬᠠᠷᠠᠪᠠᠯ ᠮᠠᠨ ᠤ ᠦᠨᠳᠦᠰᠦᠳᠠᠨ ᠶᠠᠭᠤ ᠪᠠᠷ ᠳᠤᠳᠠᠵᠤ ᠪᠠᠢ᠌ᠬᠤ ᠪᠣᠢ︖ ᠦᠨᠳᠦᠰᠦᠳᠠᠨ ᠤ ᠦᠪᠡᠷ ᠢ ᠪᠠᠨ ᠭᠦᠡᠳᠦᠳᠭᠡᠭᠦ ᠰᠡᠳᠭᠢᠯ ᠡᠰᠡᠭᠦᠯ᠎ᠡ ᠦᠨᠳᠦᠰᠦᠳᠠᠨ ᠤ ᠰᠤᠶᠤᠯ ᠦᠦ︖ ᠠᠯᠢ ᠨᠢ ᠴᠤ ᠪᠢᠰᠢ ᠬᠠᠷᠢᠨ ᠮᠤᠩᠭ᠋ᠤᠯᠴᠤᠳ ᠤᠨ ᠬᠠᠷᠮᠠᠨ ᠬᠤᠭᠤᠰᠤᠨ ᠪᠠᠢ᠌ᠨ᠎ᠠ᠃ ᠭᠦᠴᠦᠷᠭᠡᠭ᠌ ᠶᠡᠭᠡ ᠠᠵᠤ ᠠᠬᠤᠢ ᠶᠢᠨ ᠳᠤᠯᠭᠠᠭᠤᠷᠢ ᠳᠤᠳᠠᠵᠤ ᠪᠠᠢ᠌ᠨ᠎ᠠ᠃ ᠳᠠᠢ᠌ᠮᠤ ᠳᠡᠭᠡᠨ ᠪᠢᠳᠠ ᠭᠦᠮᠤᠨ ᠤ ᠴᠢᠷᠠᠢ ᠶᠢ ᠬᠠᠷᠠᠵᠤ ᠪᠠᠢ᠌ᠨ᠎ᠠ᠃ ᠮᠤᠩᠭ᠋ᠤᠯ ᠭᠦᠮᠤᠨ ᠥᠷᠭᠦᠯᠵᠢ 《ᠬᠤᠭᠤᠷᠠᠬᠤ ᠡᠴᠡ ᠪᠢᠰᠢ᠂ ᠨᠤᠭᠤᠷᠠᠬᠤ ᠦᠭᠡᠶ》 ᠭᠡᠳᠡᠭ᠌᠃ ᠭᠡᠪᠠᠴᠤ ᠭᠦᠮᠤᠨ ᠨᠡᠢ᠌ᠭᠡᠮ ᠤᠨ ᠵᠤᠭᠢᠴᠠᠯᠳᠤᠬᠤ ᠵᠢᠮ᠎ᠠ ᠶᠤᠰᠤᠨ ᠳᠤ ᠨᠤᠭᠤᠷᠠᠬᠤ ᠦᠭᠡᠶ ᠭᠡᠭ᠍ᠰᠡᠭᠡᠷ ᠪᠠᠢ᠌ᠭᠠᠤᠨ ᠣᠶᠠᠨ ᠬᠠᠳᠠᠨ ᠵᠤᠭᠢᠴᠠᠬᠤ ᠴᠢᠨᠠᠷ ᠦᠭᠡᠶ ᠡᠴᠡ ᠪᠣᠯᠵᠤ 《ᠬᠤᠭᠤᠷᠠᠵᠤ》 ᠣᠷᠭᠢᠨ᠎ᠠ᠂ ᠨᠢᠭᠡ ᠭᠦᠮᠤᠨ 《ᠬᠤᠭᠤᠷᠠᠪᠠᠯ》 ᠶᠠᠭᠠᠭᠢᠬᠤ ᠪᠣᠢ︖ ᠪᠦᠭᠦ ᠦᠨᠳᠦᠰᠦᠳᠠᠨ ᠶᠢᠡᠷ ᠶᠢᠡᠨ 《ᠬᠤᠭᠤᠷᠠᠴᠢᠬᠠᠪᠠᠯ》 ᠳᠡᠦᠭᠡ ᠶᠢᠨ ᠬᠠᠭᠤᠳᠠᠰᠤᠨ ᠡᠴᠡ ᠮᠦᠷ ᠶᠢᠡᠨ ᠠᠷᠴᠢᠵᠤ᠂ ᠦᠨᠳᠦᠰᠦᠳᠠᠨ ᠶᠠᠰᠤᠳᠠᠨ ᠣᠰᠠᠳᠬᠤ ᠪᠣᠯᠤᠨ᠎ᠠ ᠳ᠋ᠠ᠃

ᠮᠤᠩᠭ᠋ᠤᠯ ᠭᠡᠯᠡ ᠪᠣᠯ ᠳᠡᠯᠡᠭᠡᠢ ᠳᠡᠭᠡᠷᠡᠭᠢ ᠰᠤᠷᠬᠤ ᠳᠤ ᠬᠠᠮᠤᠭ ᠡᠴᠡ ᠳᠦᠭᠦᠮ᠂ ᠠᠪᠢᠶ᠎ᠠ ᠪᠠᠷ ᠪᠦᠳᠤᠨ᠂ ᠭᠡᠷᠡᠭᠯᠡᠭᠡᠨ ᠤ ᠴᠢᠨᠠᠷ ᠶᠢᠡᠷ ᠦᠨᠳᠦᠷ ᠥᠭᠡ ᠭᠡᠯᠡ ᠪᠣᠯᠤᠨ᠎ᠠ᠃

ᠶᠠᠭ ᠡᠢ᠌ᠮᠤ ᠡᠴᠡ ᠮᠤᠩᠭ᠋ᠤᠯ ᠥᠰᠦᠭ᠌ ᠪᠢᠴᠢᠭ᠌ ᠴᠠᠭ ᠦᠶ᠎ᠡ ᠡᠴᠡ ᠬᠤᠴᠤᠷᠠᠭ᠎ᠠ ᠦᠭᠡᠶ᠂ ᠵᠥᠪᠭᠡᠨ ᠮᠤᠩᠭ᠋ᠤᠯ ᠥᠭᠡ ᠭᠡᠯᠡ ᠥᠰᠦᠭ᠌ ᠪᠢᠴᠢᠭ᠌ ᠢ ᠭᠡᠷᠡᠭᠯᠡᠳᠡᠭ᠌ ᠮᠤᠩᠭ᠋ᠤᠯᠴᠤᠳ ᠮᠢᠨᠢ ᠬᠠᠷᠮᠠᠨ ᠬᠤᠭᠤᠰᠤᠨ ᠡᠴᠡ ᠮᠤᠩᠭ᠋ᠤᠯ ᠥᠭᠡ ᠭᠡᠯᠡ ᠥᠰᠦᠭ᠌ ᠪᠢᠴᠢᠭ᠌ ᠲᠡᠭᠡᠨ ᠣᠰᠤᠯᠳᠤᠵᠤ ᠪᠣᠢ᠃

ᠦᠪᠣᠷ ᠮᠤᠩᠭ᠋ᠤᠯ ᠤᠨ ᠴᠸᠩ ᠯᠦᠩ ᠨᠡᠭᠦᠷᠡᠰᠤᠨ ᠪᠦᠯᠦᠭᠯᠡᠯ ᠤᠨ ᠶᠡᠷᠦᠩᠭᠡᠢ ᠵᠠᠭᠢᠷᠤᠯ ᠵᠢᠷᠤᠮᠳᠤ ᠨᠥᠭᠦᠷ ᠦᠪᠣᠷ ᠮᠤᠩᠭ᠋ᠤᠯ ᠤᠨ ᠳᠸᠯᠸᠢᠰ ᠬᠤᠷᠢᠶ᠎ᠠ ᠡᠴᠡ ᠵᠤᠬᠢᠶᠠᠨ ᠪᠠᠢ᠌ᠭᠤᠯᠤᠭᠰᠠᠨ 《ᠣᠯᠠᠨ ᠣᠯᠤᠰ ᠤᠨ ᠮᠤᠩᠭ᠋ᠤᠯ ᠣᠷᠳᠤ ᠶᠢᠨ ᠳᠠᠭᠤᠤ ᠶᠢᠨ ᠳᠸᠯᠸᠢᠰ ᠱᠠᠩᠨᠠᠯᠳᠤ ᠣᠷᠤᠯᠳᠤᠭᠠᠨ》 ᠵᠡᠷᠭᠡ ᠨᠠᠯᠢᠶᠠᠤᠨ ᠭᠡᠳᠤᠨ ᠳᠡᠯᠡᠭᠡᠢ ᠨᠠᠢ᠌ᠳᠠ ᠳᠤ ᠨᠥᠯᠦᠭᠡ ᠪᠠᠷ ᠶᠡᠭᠡ ᠦᠨᠳᠦᠰᠦᠳᠠᠨ ᠤ ᠪᠠᠨ ᠭᠦᠳᠡᠯᠭᠡᠭᠡᠨ ᠢ ᠢᠪᠠᠭᠡᠨ ᠲᠡᠳᠬᠦᠭ᠍ᠰᠡᠨ ᠶᠢᠡᠷ ᠮᠠᠨ ᠤ ᠮᠤᠩᠭ᠋ᠤᠯᠴᠤᠳ ᠰᠠ‍‌ᠶᠢ ᠳᠡᠯᠡᠭᠡᠢ ᠳᠤ ᠳᠠᠨᠢᠭᠳᠠᠬᠤ ᠵᠠᠪᠰᠢᠶᠠᠨ ᠢ ᠣᠯᠵᠤ ᠪᠣᠢ᠃ ᠭᠦᠴᠦᠷᠭᠡᠭ᠍ᠵᠢᠨ ᠮᠠᠠᠳᠤᠭᠰᠠᠨ ᠣᠷᠳᠤᠰ ᠬᠤᠳᠠ ᠶᠢᠨ ᠹᠤ᠋ ᠬᠠᠢ ᠪᠦᠯᠦᠭᠯᠡᠯ ᠮᠤᠩᠭ᠋ᠤᠯ ᠨᠠᠷ᠎ᠠ ᠶᠢᠨ ᠪᠣᠰᠤᠭ᠎ᠠ ᠭᠡᠳᠡᠭ᠌ ᠢ ᠶ‍ᠢᠷᠳᠢᠠᠴᠤ ᠶᠢᠨ ᠲᠦᠮᠡᠨ ᠳᠤ ᠮᠡᠳᠡᠷᠡᠭᠦᠯᠵᠤ ᠪᠣᠢ᠃

ᠳᠡᠭᠡᠭᠦ ᠳᠤ ᠬᠠᠵᠠᠭᠤ ᠪᠠᠷ ᠨᠢ ᠣᠯᠠᠩᠭᠢ ᠬᠠᠷᠮᠠᠨ ᠬᠤᠭᠤᠰᠤᠨ ᠮᠤᠩᠭ᠋ᠤᠯ ᠠᠬ᠎ᠠ ᠳᠡᠭᠦᠤ ᠨᠡᠷ 《ᠮᠠᠨ ᠤ ᠮᠤᠩᠭ᠋ᠤᠯ᠂ ᠮᠢᠨᠤ ᠡᠵᠡᠨ ᠴᠢᠩᠭᠢᠰ》 ᠭᠡᠵᠤ ᠬᠤᠠᠳᠠᠭ᠎ᠠ ᠲᠡᠶ ᠰᠠᠷᠬᠤᠤᠨ ᠶᠢᠡᠨ ᠭᠦᠡᠳᠦᠷᠡᠨ ᠭᠦᠡᠳᠦᠷᠡᠨ ᠮᠢᠡᠴᠦᠭᠦᠷᠡᠵᠤ᠂ ᠮᠠᠢ᠌ᠮᠠᠢ ᠠᠷᠠᠯᠵᠢᠶ᠎ᠠ ᠭᠢᠭ᠍ᠰᠡᠨ ᠨᠢᠭᠡ ᠪᠠᠨ ᠬᠠᠷᠢᠶᠠᠨ᠂ ᠠᠯᠢ ᠡᠷᠳᠡ ᠥᠩᠭᠡᠷᠡᠵᠤ ᠣᠳᠤᠭᠰᠠᠨ ᠠᠷᠪᠠᠨ ᠭᠤᠷᠪᠠᠳᠤᠭᠠᠷ ᠵᠠᠭᠤᠨ ᠳᠤ ᠵᠤᠭᠰᠤᠩᠭ᠋ᠣᠢ᠌ᠷᠠᠵᠤ᠂ ᠶ‍ᠢᠷᠳᠢᠠᠴᠤ ᠶᠢᠨ ᠪᠣᠯᠪᠠᠰᠤᠷᠠᠯ ᠡᠴᠡ ᠬᠤᠴᠤᠷᠴᠤ᠂ ᠪᠦᠮᠪᠦᠷᠴᠡᠭ᠌ ᠤᠨ ᠭᠦᠭ᠍ᠵᠢᠯᠳᠡ ᠶᠢᠨ ᠵᠢᠮ᠎ᠠ ᠶᠤᠰᠤᠨ ᠳᠤ ᠵᠤᠭᠢᠴᠠᠵᠤ ᠴᠢᠳᠠᠬᠤ ᠦᠭᠡᠶ ᠬᠠᠶᠠᠭᠳᠠᠨ᠎ᠠ᠃ ᠨᠢᠭᠡᠨ ᠪᠠᠶᠠᠨ ᠢᠪᠷᠠᠢ ᠭᠦᠮᠤᠨ ᠨᠢᠭᠡ ᠨᠠᠢ᠌ᠳᠠᠭᠠᠬᠤ ᠳᠤ ᠪᠦᠭᠦ ᠳᠡᠯᠡᠭᠡᠢ ᠶᠢᠨ ᠪᠠᠩᠭᠢ ᠭᠢᠮᠤᠷᠠᠨ᠎ᠠ᠂ ᠭᠡᠳᠡᠯ᠎ᠡ ᠮᠤᠩᠭ᠋ᠤᠯ ᠭᠦᠮᠤᠨ ᠨᠠᠢ᠌ᠳᠠᠭᠠᠬᠤ ᠪᠠᠢ᠌ᠳᠤᠭᠠᠢ᠂ ᠠᠷᠢᠭᠢᠨ ᠯᠤᠩᠬᠤ ᠪᠠᠨ ᠳᠠᠪᠠᠷᠢᠨ ᠰᠢᠯᠤᠰᠤ ᠨᠢᠯᠪᠣᠰᠤ ᠪᠠᠨ ᠦᠰᠦᠷᠳᠠᠯ᠎ᠠ ᠨᠢ ᠭᠤᠮᠤᠳᠠᠯ ᠳᠤᠭᠠᠴᠢᠪᠠᠴᠤ ᠡᠨᠡ ᠳᠡᠯᠡᠭᠡᠢ ᠳᠤ ᠭᠦᠭᠡᠷᠦᠭᠦᠢ ᠭᠡᠵᠤ ᠥᠵᠡᠭᠦ ᠭᠦᠮᠤᠨ ᠨᠢᠭᠡ ᠴᠤ ᠭᠠᠷᠬᠤ ᠦᠭᠡᠶ ᠪᠠᠢ᠌ᠬ᠎ᠠ᠃ ᠠᠷᠠᠯᠵᠢᠶ᠎ᠠ ᠬᠤᠳᠠᠯᠳᠤᠭ᠎ᠠ᠂ ᠠᠵᠤ ᠠᠬᠤᠢ ᠦᠨᠳᠦᠰᠦᠳᠠᠨ ᠢᠯᠭᠠᠬᠤ ᠦᠭᠡᠶ᠂ ᠠᠷᠠᠯᠵᠢᠶ᠎ᠠ ᠬᠤᠳᠠᠯᠳᠤᠭ᠎ᠠ ᠪᠣᠵᠠᠷ ᠪᠣᠷᠳᠠᠭ ᠵᠣᠢ᠌ᠯ ᠪᠢᠰᠢ ᠬᠠᠷᠢᠨ ᠭᠦᠮᠤᠨ ᠲᠦᠷᠦᠯᠭᠢᠳᠠᠨ ᠤ ᠣᠶᠤᠨ ᠪᠢᠯᠢᠭ᠌ ᠡᠴᠡ ᠦᠷᠠᠯᠠᠨ ᠰᠠᠭᠤᠭᠰᠠᠨ ᠠᠮᠳᠠᠳᠤ ᠦᠷ᠎ᠡ᠂ ᠠᠷᠠᠯᠵᠢᠶ᠎ᠠ ᠬᠤᠳᠠᠯᠳᠤᠭ᠎ᠠ᠂ ᠠᠵᠤ ᠠᠬᠤᠢ ᠶᠢᠨ ᠠᠰᠢᠭ ᠨᠢ ᠦᠨᠡᠠᠴᠢ ᠢᠳᠡᠭᠡᠯᠳᠡᠢ ᠪᠠᠷ ᠡᠭᠦᠷᠢᠳᠡ ᠶᠢᠨ ᠰᠠᠭᠢᠶ᠎ᠠ ᠪᠣᠯᠭᠠᠳᠠᠭ᠃ ᠡᠢ᠌ᠮᠤ ᠡᠴᠡ ᠮᠤᠩᠭ᠋ᠤᠯᠴᠤᠳ ᠮᠠᠨᠢ ᠬᠤᠭᠤᠰᠤᠨ ᠮᠤᠩᠭ᠋ᠤᠯ ᠮᠤᠩᠭ᠋ᠤᠯ ᠭᠡᠳ ᠰᠢᠯᠤᠰᠤ ᠨᠢᠰᠤ ᠪᠠᠨ ᠦᠰᠦᠷᠡᠳᠠᠯ᠎ᠠ ᠬᠠᠰᠭᠢᠴᠢᠬᠤ ᠶᠢᠨ ᠣᠷᠤᠨ ᠳᠤ ᠮᠡᠷᠭᠡᠨ ᠴᠠᠭᠠᠨ ᠳᠠᠷᠢᠭᠢ ᠪᠠᠨ ᠭᠦᠳᠡᠯᠭᠡᠵᠤ᠂ ᠪᠣᠰᠤᠳ ᠤᠨ ᠳᠠᠪᠠᠭᠤᠯᠢᠭ ᠢ ᠰᠢᠩᠭᠡᠭᠡᠵᠤ᠂ ᠣᠶᠠᠨ ᠬᠠᠳᠠᠨ ᠶᠢᠡᠷ ᠴᠠᠭ ᠦᠶ᠎ᠡ ᠶᠢᠨ ᠥᠷᠢᠰᠦᠯᠳᠦᠭᠡᠨ ᠳᠤ ᠵᠤᠭᠢᠴᠠᠨ᠂ ᠠᠵᠤ ᠠᠬᠤᠢ ᠪᠠᠨ ᠳᠡᠩᠭᠡᠷᠡᠭᠦᠯᠤᠨ ᠪᠣᠰᠬᠠᠪᠠᠯ ᠦᠨᠳᠦᠰᠦᠳᠠᠨ ᠤ ᠢᠷᠡᠭᠡᠳᠦᠢ ᠭᠡᠵᠤ ᠵᠤᠪᠠᠯᠳᠠ ᠦᠭᠡᠶ᠂ ᠨᠠᠩ ᠴᠤ ᠮᠤᠩᠭ᠋ᠤᠯ ᠪᠠᠭᠰᠢᠨᠠᠷ᠄ ᠮᠠᠨ ᠤ ᠮᠤᠩᠭ᠋ᠤᠯ ᠬᠡᠦᠬᠡᠳ ᠮᠤᠩᠭ᠋ᠤᠯ ᠥᠭᠡ ᠭᠡᠯᠡ᠂ ᠥᠰᠦᠭ᠌ ᠪᠢᠴᠢᠭ᠌ ᠶᠢᠡᠨ ᠬᠠᠶᠠᠵᠤ ᠪᠣᠯᠬᠤ ᠦᠭᠡᠶ ᠭᠡᠵᠤ ᠬᠤᠭᠤᠰᠤᠨ ᠶᠠᠩᠰᠢᠬᠤ ᠶᠢᠨ ᠣᠷᠤᠨ ᠳᠤ ᠢᠯᠡᠭᠦᠭᠡᠨ ᠮᠤᠩᠭ᠋ᠤᠯ ᠬᠡᠦᠬᠡᠳ ᠲᠡᠭᠡᠨ ᠬᠠᠷᠮᠠᠨ ᠢ ᠨᠢ ᠳᠦᠭᠦᠷᠭᠡᠭᠦ ᠠᠷᠭ᠎ᠠ ᠣᠬᠠᠭᠠᠨ ᠢ ᠵᠢᠭᠠᠵᠤ ᠦᠭ‍ᠪᠠᠯ ᠮᠠᠨ ᠤ ᠦᠨᠳᠦᠰᠦᠳᠠᠨ ᠤ ᠮᠢᠨᠢ ᠥᠭᠡ ᠭᠡᠯᠡ ᠥᠰᠦᠭ᠌ ᠪᠢᠴᠢᠭ᠌ ᠳᠡᠦᠭᠡ ᠶᠢᠨ ᠬᠠᠭᠤᠳᠠᠰᠤᠨ᠎ᠠ ᠪᠠᠳᠤ ᠣᠷᠤᠰᠢᠵᠤ ᠴᠢᠳᠠᠨ᠎ᠠ ᠭᠡᠳᠡᠭ᠌ ᠢ ᠢᠳᠡᠭᠡᠷᠡᠢ︕


ᠣᠳᠤᠭ ᠬᠤᠰᠢᠭᠤᠨ ᠤ ᠦᠨᠳᠦᠰᠦᠳᠠᠨ ᠤ ᠠᠵᠢᠯ ᠮᠡᠷᠭᠡᠵᠢᠯ ᠤᠨ ᠶᠡᠷᠦᠩᠭᠡᠢ᠌ᠯᠡᠭ᠍ᠰᠡᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠭᠡᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12101
ᠴᠠᠭ᠄ 2009 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ