ᠨᠡᠪᠲᠡᠷᠡᠨ ᠤᠷᠤᠬᠤ
ᠭᠠᠩᠭ᠋ᠠᠮ᠎ᠠ
᠊᠊᠊᠊᠊᠊᠊᠊᠊᠊᠊᠊᠊᠊᠊ ᠠᠶᠠᠷᠯᠠᠭᠰᠠᠨ ᠳᠤᠷᠠᠯᠠᠯ ᠤᠨ ᠬᠣᠢ᠌ᠨ᠎ᠠ ᠡᠴᠠ ᠠᠶᠠᠯᠠᠭᠤᠯᠤᠭᠰᠠᠨ ᠳᠠᠭᠤᠤ ᠶᠢᠨ ᠪᠠᠳᠠᠭ ᠪᠢᠯᠠ

ᠱᠠᠩᠰᠢ ᠶᠢᠨ ᠳᠡᠷᠢᠭᠦᠨ ᠠᠯᠳᠠᠷᠬᠠᠨ᠎ᠠ

ᠰᠠᠢ᠌ᠬᠠᠨ ᠣᠯᠠᠷᠢᠯ ᠢᠷᠡᠭᠦ ᠨᠢ ᠡ

ᠰᠢᠷᠭᠠᠯ ᠭᠡᠵᠢᠭᠡ ᠴᠢᠨᠢ ᠦᠨᠦᠷᠳᠤᠨ᠎ᠡ

ᠰᠢᠷ᠎ᠠ ᠪᠦᠷᠦᠢ ᠪᠣᠯᠬᠤ ᠨᠢ ᠡ

ᠰᠠᠨᠠᠵᠤ ᠯᠠ ᠶᠠᠪᠣᠭᠠᠷᠠᠢ᠂ ᠭᠠᠩᠭ᠋ᠠᠮ᠎ᠠ

ᠳᠤᠷᠠᠯᠠᠯ ᠶᠢᠡᠷ ᠠᠭᠷᠠᠭᠰᠠᠨ ᠬᠤᠭᠤᠯᠠᠢ ᠡᠴᠠ

ᠳᠠᠭᠤᠤ ᠶᠠᠷᠤ ᠨᠢ ᠭᠠᠷᠬᠤ ᠦᠭᠡᠶ ᠯᠠ ᠪᠠᠢ᠌ᠨ᠎ᠠ

ᠳᠤᠮᠳᠠ ᠨᠠᠮᠤᠷ ᠤᠨ ᠳᠡᠭ᠍ᠷᠢ

ᠳᠤᠷᠠᠰᠤᠯ ᠳᠤ ᠵᠥᠩᠳᠡᠭᠡᠨ ᠣᠢᠮᠤᠯᠵᠢᠭᠠᠤᠨ ᠪᠠᠢ᠌ᠨ᠎ᠠ

ᠳᠤᠭᠤᠢ ᠯᠠ ᠪᠠᠢ᠌ᠭᠠᠷᠠᠢ᠂ ᠭᠠᠩᠭ᠋ᠠᠮ᠎ᠠ

ᠪᠣᠳ᠋ᠢ ᠪᠣᠳᠤᠠᠴᠢᠷ ᠣᠳᠤᠳ ᠨᠢ

ᠪᠣᠳᠠᠷᠠᠵᠤ ᠨᠠᠢ᠌ᠯᠠᠨ ᠱᠤᠬᠤᠷᠬᠠᠭᠠᠤᠨ ᠪᠠᠢ᠌ᠨ᠎ᠠ

ᠪᠣᠳᠠ ᠪᠣᠬᠠᠯ ᠤᠨ ᠳᠤᠤᠷ᠎ᠠ ᠡᠴᠠ

ᠪᠣᠯᠵᠤᠮᠤᠷ ᠰᠢᠪᠠᠭᠤ ᠱᠤᠭᠰᠢᠷᠠᠭᠠᠤᠨ ᠪᠠᠢ᠌ᠨ᠎ᠠ

ᠪᠣᠳᠤᠵᠤ ᠯᠠ ᠰᠠᠭᠤᠭᠠᠷᠠᠢ᠂ ᠭᠠᠩᠭ᠋ᠠᠮ᠎ᠠ

ᠣᠴᠠᠷᠠᠯ ᠵᠠᠶᠠᠭᠠᠨ ᠤ ᠣᠨᠢᠨ ᠳᠡᠭᠡᠷ᠎ᠡ

ᠣᠴᠠᠷᠠᠨ᠎ᠠ ᠰᠢᠤ ᠳ᠋ᠠ᠂ ᠭᠠᠩᠭ᠋ᠠᠮ᠎ᠠ

ᠣᠬᠠᠭᠠᠠᠳᠤ ᠭᠦᠮᠤᠨ ᠤ ᠣᠳᠤᠨ ᠳᠤᠤᠷ᠎ᠠ

ᠣᠶᠠᠷᠠᠭᠤᠯᠤᠨ᠎ᠠ ᠰᠢᠤ ᠳ᠋ᠠ᠂ ᠭᠠᠩᠭ᠋ᠠᠮ᠎ᠠ

ᠣᠷᠮᠠᠳᠠᠢ ᠯᠠ ᠠᠮᠢᠳᠤᠷᠠᠭᠠᠷᠠᠢ᠂ ᠭᠠᠩᠭ᠋ᠠᠮ᠎ᠠ ᠡ


    ᠬᠠᠷ᠎ᠠ ᠯᠤᠤ ᠵᠢᠯ ᠤᠨ ᠴᠠᠭᠠᠨ ᠰᠠᠷ᠎ᠠ ᠶᠢᠨ ᠰᠢᠨ᠎ᠡ ᠶᠢᠨ ᠭᠤᠷᠪᠠᠨ ᠳᠤ ᠪᠠᠯᠭᠠᠷᠭᠤᠤᠯ ᠪᠠᠯᠭᠠᠰᠤᠨ᠎ᠠ ᠪᠢᠴᠢᠪᠠᠢ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠤᠮᠤᠴᠢᠨ

ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2012 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ