ᠨᠡᠪᠲᠡᠷᠡᠨ ᠤᠷᠤᠬᠤ
ᠮᠢᠨᠤ ᠵᠢᠷᠦᠭᠡᠨ ᠤ ᠮᠤᠩᠭ᠋ᠤᠯ ᠳᠡᠷᠭᠡ

ᠮᠠᠨ ᠤ ᠮᠤᠩᠭ᠋ᠤᠯ ᠦᠨᠳᠦᠰᠦᠳᠠᠨ ᠪᠣᠯ ᠣᠷᠳᠤ ᠣᠳᠠᠭᠠᠨ ᠵᠢᠯ ᠤᠨ ᠳᠡᠦᠭᠡ ᠲᠡᠶ᠂ ᠡᠷᠳᠡ ᠳᠡᠭᠡᠳᠤ ᠡᠴᠠ ᠪᠠᠨ ᠠᠪᠣᠭᠠᠤᠨ ᠰᠤᠶᠤᠯ ᠭᠦᠭ᠍ᠵᠢᠭ᠍ᠰᠡᠨ ᠦᠨᠳᠦᠰᠦᠳᠠᠨ ᠪᠠᠢ᠌ᠠᠠᠰᠠᠨ ᠶᠤᠮ᠃ ᠮᠤᠩᠭ᠋ᠤᠯ ᠳᠡᠷᠭᠡ ᠶᠢ ᠭᠡᠳᠤᠨ ᠮᠢᠩᠭ᠋ᠠᠨ ᠵᠢᠯ ᠤᠨ ᠡᠮᠤᠨ᠎ᠡ ᠪᠦᠳᠦᠭᠡᠵᠤ ᠳᠡᠯᠭᠡᠷᠡᠭᠦᠯᠦᠭ᠍ᠰᠡᠨ ᠪᠠᠢ᠌ᠨ᠎ᠠ᠃

ᠳᠡᠦᠭᠡ ᠱᠠᠰᠢᠳᠠᠷ ᠳᠡᠭᠡᠷ᠎ᠡ ᠣᠮᠠᠷᠠᠳᠤ ᠣᠷᠤᠨ ᠤ ᠦᠨᠳᠦᠰᠦᠳᠠᠨ ᠮᠤᠩᠭ᠋ᠤᠯ ᠳᠡᠷᠭᠡ ᠪᠦᠳᠦᠭᠡᠭ᠍ᠰᠡᠨ ᠳᠤᠬᠠᠢ ᠳᠡᠮᠳᠡᠭᠯᠡᠯ ᠮᠠᠰᠢ ᠠᠷᠪᠢᠨ ᠪᠣᠢ᠃ 《ᠣᠢ ᠶᠢᠨ ᠢᠷᠭᠡᠳ》 (ᠤᠢ᠌ᠷᠠᠤᠨ᠂ ᠳᠡᠯᠡᠩᠭᠦᠤᠨ᠂ ᠭᠢᠷᠭᠢᠰ᠂ ᠣᠷᠢᠶᠠᠩᠬᠠᠢ᠂ ᠪᠠᠷᠭᠤ᠂ ᠰᠤᠯᠤᠨ᠁) ᠬᠠᠩ ᠢᠤᠢ᠂ ᠬᠠᠩ ᠮᠢ᠂ ᠭᠦ᠋ ᠵᠢᠶᠠ ᠰᠢ᠂ ᠡᡁᠧ ᠴᠧ ᠼᠢ ᠵᠡᠷᠭᠡ ᠪᠣᠯ ᠴᠦᠮ ᠳᠡᠷᠭᠡ ᠭᠢᠭᠦ ᠮᠡᠷᠭᠡᠵᠢᠯ ᠢ ᠳᠡᠯᠭᠡᠷᠡᠭᠦᠯᠦᠭ᠍ᠰᠡᠨ ᠮᠤᠩᠭ᠋ᠤᠯ ᠣᠭᠰᠠᠭᠠᠳᠠᠨ ᠪᠣᠯᠬᠤ ᠶᠤᠮ᠃

ᠪᠠᠢ᠌ᠯᠳᠤᠭᠠᠠᠳᠤ ᠣᠯᠤᠰ ᠡᠴᠠ ᠡᠮᠤᠨ᠎ᠡ᠂ ᠮᠤᠩᠭ᠋ᠤᠯ ᠦᠨᠳᠦᠰᠦᠳᠠᠨ ᠤ ᠨᠠᠷ᠎ᠠ ᠶᠢ ᠵᠠᠷᠢᠮ ᠨᠢ ᠳ᠋ᠢᠯᠢ ᠭᠡᠵᠤ ᠰᠡᠭᠦᠯᠡᠷ ᠨᠢ ᠴᠢᠨ᠂ ᠬᠠᠨ᠂ ᠸᠸᠢ᠂ ᠶᠢᠨ ᠣᠯᠤᠰ ᠨᠤᠭᠤᠳ ᠤᠨ ᠦᠶ᠎ᠡ ᠳᠤ ᠳ᠋ᠢᠩᠯᠢᠩ ᠭᠡᠵᠤ᠂ ᠸᠸᠢ ᠣᠯᠤᠰ ᠤᠨ ᠦᠶ᠎ᠡ ᠡᠴᠠ ᠴᠧ ᠯᠢ᠂ ᠳᠢᠶ‍ᠸᠯᠢ ᠭᠦᠦᠴᠧ ᠭᠡᠮᠡᠨ ᠨᠠᠷᠠᠢ᠌ᠤᠠᠴᠤ᠂ ᠮᠤᠩᠭ᠋ᠤᠯ ᠭᠡᠯᠡᠨ ᠤ 《ᠳᠡᠷᠭᠡ》 ᠲᠡᠶ ᠤᠢ᠌ᠷᠠᠳᠤᠭᠤᠯᠤᠨ ᠠᠪᠢᠶᠠᠴᠢᠯᠠᠵᠤ ᠣᠷᠴᠢᠭᠤᠯᠤᠭᠰᠠᠨ ᠪᠣᠶᠤ ᠣᠤᠠᠬᠠᠴᠢᠯᠠᠵᠤ ᠣᠷᠴᠢᠭᠤᠯᠤᠭᠰᠠᠨ ᠪᠠᠢ᠌ᠨ᠎ᠠ᠃

ᠮᠠᠨ ᠤ ᠣᠯᠤᠰ ᠤᠨ ᠬᠠᠮᠤᠭ ᠠᠩᠬᠠᠨ ᠤ ᠳᠡᠦᠭᠡᠨ ᠰᠤᠷᠪᠣᠯᠵᠢ 《ᠰᠤᠳᠤᠷ ᠳᠡᠮᠳᠡᠭᠯᠡᠯ》 ᠳᠤ ᠳ᠋ᠢᠯᠢ ᠶᠢ ᠳᠡᠮᠳᠡᠭᠯᠡᠭ᠍ᠰᠡᠨ ᠪᠠᠢ᠌ᠨ᠎ᠠ᠃ 《ᠰᠤᠳᠤᠷ ᠳᠡᠮᠳᠡᠭᠯᠡᠯ》 ᠊ᠤᠨ 《ᠳᠠᠪᠤᠨ ᠬᠠᠭᠠᠤᠨ ᠤᠨ ᠴᠠᠳᠢᠭ》 ᠲᠤ 《᠁ ᠱᠦᠨ ᠪᠣᠴᠠᠭᠰᠠᠨ᠎ᠠ ᠳᠠᠷᠤᠢ ᠰᠥᠭᠦᠳᠦᠷᠤᠨ ᠬᠠᠭᠠᠨ ᠡᠵᠡᠨ ᠳᠤᠷ ᠠᠢ᠌ᠯᠠᠳᠬᠠᠷᠤᠨ᠂ ᠭᠦᠩᠭᠦᠩ ᠢ ᠢᠨᠤ ᠶ‍ᠢᠤ ᠯᠢᠩ ᠳᠤᠷ ᠬᠤᠴᠤᠷᠭᠠᠨ᠂ ᠣᠮᠠᠷᠠᠳᠤ ᠳ᠋ᠢᠯᠢ ᠠᠢ᠌ᠮᠠᠭ ᠢ ᠰᠡᠷᠭᠡᠢ᠌ᠯᠡᠭᠦᠯᠦᠶ᠎ᠡ᠁》 ① ᠭᠡᠵᠤ ᠳᠡᠮᠳᠡᠭᠯᠡᠭ᠍ᠰᠡᠨ ᠡᠴᠠ ᠥᠵᠡᠭᠦ ᠳᠤ᠂ ᠨᠠᠢ᠌ᠳᠠ ᠶᠢᠨ ᠣᠨ ᠳᠤᠭᠠᠯᠠᠯ ᠡᠴᠠ ᠬᠤᠶᠠᠷ ᠮᠢᠩᠭ᠋ᠠᠨ ᠵᠢᠯ ᠤᠨ ᠡᠮᠤᠨ᠎ᠡ᠂ ᠳ᠋ᠢᠯᠢ ᠨᠢ ᠨᠢᠭᠡᠨ ᠰᠡᠷᠭᠡᠢ᠌ᠯᠡᠭᠦ ᠴᠢᠬᠤᠯᠠ ᠲᠡᠶ ᠳᠤᠮᠤ ᠠᠢ᠌ᠮᠠᠭ (ᠣᠯᠤᠰ)ᠪᠣᠯᠬᠤ ᠶᠢ ᠮᠠᠳᠠᠵᠤ ᠪᠣᠯᠬᠤ ᠪᠦᠭᠡᠳ ᠮᠤᠩᠭ᠋ᠤᠯ ᠦᠨᠳᠦᠰᠦᠳᠠᠨ ᠤ ᠳᠡᠷᠭᠡ ᠪᠦᠳᠦᠭᠡᠵᠤ ᠳᠡᠯᠭᠡᠷᠡᠭᠦᠯᠦᠭ᠍ᠰᠡᠨ ᠣᠨ ᠵᠢᠯ ᠨᠢ ᠭᠡᠳᠤᠨ ᠮᠢᠩᠭ᠋ᠠᠨ ᠵᠢᠯ ᠪᠣᠯᠤᠭᠰᠠᠨ ᠢ ᠲᠦᠯᠭᠢᠨ ᠮᠠᠭᠠᠳᠯᠠᠵᠤ ᠪᠣᠯᠬᠤ ᠪᠢᠯᠠ᠃ ᠮᠦᠨ ᠴᠤ ᠮᠠᠨ ᠤ ᠤᠢ᠌ᠷᠠᠤᠨ ᠤᠨ ᠳᠡᠦᠭᠡ ᠠᠯᠢ ᠡᠷᠳᠡ ᠭᠡᠳᠤᠨ ᠮᠢᠩᠭ᠋ᠠᠨ ᠵᠢᠯ ᠪᠣᠯᠤᠭᠰᠠᠨ ᠢ ᠮᠠᠭᠠᠳᠯᠠᠨ ᠭᠡᠷᠡᠴᠢᠯᠡᠵᠤ ᠪᠠᠢ᠌ᠭ᠎ᠠ ᠶᠤᠮ᠃ ᠵᠢᠱᠢᠶᠠᠯᠠᠪᠠᠯ᠄ ᠭᠦᠯᠤᠨ ᠪᠣᠢ᠌ᠷ ᠤᠨ ᠥᠭᠡᠯᠡᠳ(ᠤᠢ᠌ᠷᠠᠤᠨ)᠊ᠤᠳ ᠡᠷᠳᠡ ᠳᠡᠭᠡᠳᠦᠰ ᠡᠴᠠ ᠪᠠᠨ ᠠᠪᠣᠭᠠᠤᠨ ᠳᠡᠷᠭᠡ ᠭᠢᠭᠦ ᠮᠡᠷᠭᠡᠵᠢᠯ ᠲᠡᠶ ᠪᠠᠢ᠌ᠵᠤ᠂ ᠳᠡᠭᠦᠨ ᠶᠢᠡᠨ ᠣᠯᠠᠮᠵᠢᠯᠠᠨ ᠵᠠᠯᠭᠠᠮᠵᠢᠯᠠᠭᠰᠠᠭᠠᠷ ᠢᠷᠠᠵᠠᠢ᠃ ᠳᠠᠳᠠᠨ ᠤ ᠠᠢ᠌ᠯ ᠪᠦᠭᠦᠨ ᠪᠦᠷ ᠳᠡᠷᠭᠡ ᠳᠠᠷᠬᠠᠯᠠᠬᠤ ᠪᠠᠭᠠᠵᠢ ᠭᠡᠷᠡᠭ᠍ᠰᠡᠯ ᠲᠡᠶ ᠪᠦᠭᠡᠳ ᠡᠪᠦᠭᠡᠳ ᠨᠠᠰᠤᠳᠠᠨ᠂ ᠬᠡᠦᠬᠡᠳ ᠵᠠᠯᠠᠭᠤᠴᠤᠳ ᠭᠡᠰᠡᠨ ᠦᠭᠡᠶ ᠴᠦᠮ ᠶᠢᠡᠷ ᠶᠢᠡᠨ ᠮᠤᠳᠤᠨ ᠤ ᠠᠵᠢᠯ ᠳᠤ ᠰᠠᠢ᠌ᠨ ᠪᠠᠢ᠌ᠵᠤ᠂ ᠳᠡᠷᠭᠡ ᠭᠢᠭᠦ ᠮᠡᠷᠭᠡᠵᠢᠯ ᠦᠨᠳᠦᠷ ᠪᠠᠢ᠌ᠳᠠᠭ᠃ ᠳᠠᠳᠠ ᠡᠷᠳᠡ ᠳᠡᠭᠡᠳᠤ ᠡᠴᠠ ᠪᠠᠨ ᠠᠪᠣᠭᠠᠤᠨ ᠮᠤᠳᠤ ᠦᠭᠡᠶ ᠭᠠᠵᠠᠷ ᠤᠨ ᠮᠤᠩᠭ᠋ᠤᠯ ᠠᠬ᠎ᠠ ᠳᠡᠭᠦᠤ(ᠳᠠᠯ᠎ᠠ ᠶᠢᠨ ᠮᠠᠯᠴᠢᠳ)ᠨᠠᠷ ᠲᠡᠶ ᠪᠠᠨ ᠳᠡᠷᠭᠡ ᠮᠤᠳᠤᠨ ᠤ ᠮᠤᠩᠭ᠋ᠤᠯ ᠠᠷᠠᠯᠵᠢᠶ᠎ᠠ ᠭᠢᠭ᠍ᠰᠡᠭᠡᠷ ᠢᠷᠡᠭ᠍ᠰᠡᠨ ᠶᠤᠮ᠃ 《ᠭᠦᠯᠤᠨ ᠪᠣᠢ᠌ᠷ ᠤᠨ ᠭᠠᠠᠵᠤᠤᠷ ᠴᠤᠭᠯᠠᠭᠠᠨ》 ᠳᠤ ᠥᠭᠡᠯᠡᠳᠴᠥᠳ᠂ ᠳᠤᠮᠤ ᠭᠡᠮᠵᠢᠶᠡᠨ ᠤ ᠳᠡᠷᠭᠡ ᠮᠤᠳᠤᠨ ᠤ ᠠᠷᠠᠯᠵᠢᠶ᠎ᠠ ᠭᠢᠳᠡᠭ᠌ ᠪᠠᠢ᠌ᠯ᠎ᠠ᠃ ᠡᠨᠡ ᠳᠤᠬᠠᠢ ᠬᠤᠸᠠᠰᠠᠢ ᠳᠤᠭᠠᠷᠵᠠᠪ 《ᠭᠠᠠᠵᠤᠤᠷ ᠴᠤᠭᠯᠠᠭᠠᠨ》 ᠭᠡᠳᠡᠭ᠌ ᠥᠭᠦᠯᠡᠯ ᠳᠡᠭᠡᠨ᠄ 《〈ᠭᠠᠠᠵᠤᠤᠷ ᠴᠤᠭᠯᠠᠭᠠᠨ〉 ᠨᠢ ᠳᠡᠭ᠍ᠷᠢ ᠲᠡᠳᠬᠦᠭ᠍ᠴᠢ ᠶᠢᠨ ᠳᠠᠪᠢᠨ ᠬᠤᠶᠠᠳᠤᠭᠠᠷ ᠣᠨ ᠳ᠋ᠤ(1787 ᠣᠨ ᠳᠤ) 〈ᠪᠠᠷᠭᠤ ᠶᠢᠨ ᠭᠠᠠᠴᠤᠤᠷ ᠴᠤᠭᠯᠠᠭᠠᠨ〉 ᠭᠡᠳᠡᠭ᠌ ᠨᠠᠷ᠎ᠠ ᠲᠡᠶ ᠪᠣᠯᠵᠤ ᠬᠤᠯᠠ ᠤᠢ᠌ᠷ᠎ᠡ ᠳᠤ ᠠᠯᠳᠠᠷᠰᠢᠵᠠᠢ᠃ ᠡᠨᠡ ᠴᠤᠭᠯᠠᠭᠠᠨ ᠤ ᠳᠠᠯᠠᠪᠣᠷ ᠤᠨ ᠰᠠᠷᠠ ᠭᠡᠯᠪᠠᠷᠢᠳᠤ ᠭᠤᠤᠯ ᠵᠡᠭᠡᠯᠢ ᠡᠴᠠ ᠡᠮᠦᠨᠡᠰᠢ ᠭᠡᠰᠡᠭ᠌ ᠲᠤ᠂ ᠢᠮᠢᠨ ᠵᠡᠷᠭᠡ ᠭᠠᠵᠠᠷ ᠡᠴᠠ ᠢᠷᠡᠭ᠍ᠰᠡᠨ ᠴᠠᠭᠠᠨ ᠮᠤᠳᠤᠨ ᠳᠡᠷᠭᠡ ᠪᠣᠶᠤ ᠵᠠᠳᠠᠭᠠᠫᠤ᠋ ᠮᠤᠳᠤ ᠬᠤᠳᠠᠯᠳᠤᠭᠴᠢ ᠥᠭᠡᠯᠡᠳ ᠨᠡᠷ ᠭᠦᠷᠢᠶ᠎ᠡ ᠳᠠᠳᠠᠵᠤ ᠪᠠᠭᠤᠳᠠᠭ》 ② ᠭᠡᠵᠤ ᠪᠢᠴᠢᠵᠠᠢ᠃

ᠣᠷᠳᠤ ᠣᠳᠠᠭᠠᠨ ᠵᠢᠯ ᠤᠨ ᠳᠡᠦᠭᠡ ᠲᠡᠶ᠂ ᠮᠤᠩᠭ᠋ᠤᠯ ᠳᠡᠷᠭᠡ ᠶᠢᠨ ᠪᠦᠳᠦᠴᠡ ᠳᠤ᠂ ᠮᠠᠰᠢ ᠣᠯᠠᠨ ᠰᠢᠡᠵᠢᠯᠡᠭᠦ ᠣᠬᠠᠭᠠᠨ ᠤ ᠵᠦᠢ ᠶᠤᠰᠤᠨ ᠢ ᠪᠠᠷᠢᠮᠳᠠᠯᠠᠭᠰᠠᠨ ᠪᠠᠢ᠌ᠳᠠᠭ᠃ ᠮᠤᠩᠭ᠋ᠤᠯ ᠳᠡᠷᠭᠡ ᠪᠣᠯ ᠮᠠᠨ ᠤ ᠮᠤᠩᠭ᠋ᠤᠯ ᠦᠨᠳᠦᠰᠦᠳᠠᠨ(ᠣᠢ ᠶᠢᠨ ᠢᠷᠭᠡᠳ)᠊ᠤ ᠳᠡᠦᠭᠡ ᠊ᠰᠤᠶᠤᠯ᠂ ᠪᠠᠯᠠᠷ ᠡᠷᠳᠡᠨ ᠡᠴᠠ ᠠᠪᠣᠭᠠᠤᠨ ᠭᠦᠭ᠍ᠵᠢᠩᠭᠦᠢ ᠪᠠᠢ᠌ᠵᠠᠢ ᠭᠡᠳᠡᠭ᠌ ᠶᠢ ᠬᠠᠳᠠᠭᠠᠯᠠᠨ ᠭᠡᠷᠡᠴᠢᠯᠡᠭᠦ ᠰᠤᠶᠤᠯ ᠤᠨ ᠦᠪ ᠤᠨ ᠨᠢᠭᠡ ᠨᠢ ᠮᠦᠨ᠃


ᠨᠢᠭᠡ᠂ ᠭᠦᠷᠳᠤ ᠦᠨᠳᠦᠷ ᠤᠨ ᠣᠴᠢᠷ ᠶᠤᠰᠤ


ᠮᠤᠩᠭ᠋ᠤᠯ ᠳᠡᠷᠭᠡᠨ ᠤ ᠭᠦᠷᠳᠤ ᠦᠨᠳᠦᠷ ᠪᠠᠢ᠌ᠳᠠᠭ ᠤᠨ ᠣᠴᠢᠷ ᠭᠡᠪᠠᠯ᠄ ᠣᠮᠠᠷᠠᠳᠤ ᠶᠢᠨ ᠨᠡᠭᠦᠳᠡᠯᠴᠢᠨ ᠦᠨᠳᠦᠰᠦᠳᠠᠨ ᠤ ᠠᠵᠤ ᠠᠮᠢᠳᠤᠷᠠᠯ᠂ ᠣᠷᠤᠰᠢᠨ ᠳᠤᠭᠳᠠᠨᠢᠬᠤ ᠭᠡᠷᠡᠭ᠍ᠴᠡᠭᠡ ᠡᠴᠠ ᠪᠣᠯᠤᠭᠰᠠᠨ ᠶᠤᠮ᠃ ᠮᠤᠩᠭ᠋ᠤᠯ ᠳᠡᠷᠭᠡ ᠪᠣᠯ ᠭᠦᠩᠭᠡᠨ ᠮᠦᠷᠳᠡᠭᠡᠨ ᠵᠠᠮ ᠦᠭᠡᠶ ᠭᠠᠵᠠᠷ᠂ ᠦᠨᠳᠦᠷ ᠠᠭᠤᠯᠠ᠂ ᠬᠠᠳᠠ ᠴᠢᠯᠠᠭᠤ᠂ ᠦᠷᠭᠡᠨ ᠳᠠᠯ᠎ᠠ᠂ ᠡᠯᠡᠰᠤᠨ ᠴᠦᠯ᠂ ᠦᠣᠡᠭᠡᠨ ᠣᠢ᠂ ᠰᠢᠪᠠᠷ ᠨᠠᠮᠤᠭ᠂ ᠣᠰᠤ ᠴᠠᠰᠤ ᠲᠡᠶ ᠭᠠᠵᠠᠷ ᠶᠢᠡᠷ ᠰᠠᠭᠠᠳᠠᠯ ᠦᠭᠡᠶ ᠶᠠᠪᠣᠵᠤ ᠴᠢᠳᠠᠳᠠᠭ ᠪᠠᠢ᠌ᠨ᠎ᠠ᠃ ᠡᠷᠢᠨ ᠦᠶ᠎ᠡ ᠶᠢᠨ ᠬᠠᠭᠤᠷᠠᠢ ᠵᠠᠮ ᠤᠨ 《ᠬᠠᠭᠠᠨ》 ᠊᠊᠊᠊᠊᠊᠊᠊᠊᠊᠊᠊᠊᠊᠊ ᠭᠢᠠᠵᠢᠨ ᠭᠦᠷᠳᠦᠳᠤ ᠳᠷᠠᠺᠲ᠋ᠤᠷ ᠤᠨ ᠶᠠᠪᠣᠵᠤ ᠴᠢᠳᠠᠬᠤ ᠦᠭᠡᠶ ᠭᠠᠵᠠᠷ ᠶᠢᠡᠷ ᠮᠤᠩᠭ᠋ᠤᠯ ᠳᠡᠷᠭᠡ ᠠᠵᠢᠭ ᠴᠤ ᠦᠭᠡᠶ ᠶᠠᠪᠣᠵᠤ ᠴᠢᠳᠠᠳᠠᠭ ᠪᠠᠢ᠌ᠨ᠎ᠠ᠃ ᠮᠤᠩᠭ᠋ᠤᠯ ᠳᠡᠷᠭᠡ ᠪᠣᠯ ᠣᠳᠤᠷᠯᠠᠨ ᠮᠠᠯᠵᠢᠵᠤ ᠨᠡᠭᠦᠳᠡᠯᠯᠡᠨ ᠵᠥᠭᠡᠪᠦᠷᠢᠯᠡᠭᠦ ᠳᠤ ᠳᠡᠭᠦᠰ ᠴᠢᠳᠠᠪᠣᠷᠢᠳᠤ ᠵᠠᠮ ᠳᠡᠭᠡᠭᠡᠪᠦᠷᠢ ᠶᠢᠨ ᠪᠠᠭᠠᠵᠢ ᠮᠦᠨ᠃ ᠭᠦᠷᠳᠤ ᠨᠢ ᠦᠨᠳᠦᠷ ᠪᠠᠢ᠌ᠮᠠᠠᠵᠢᠨ ᠰᠠ‍‌ᠶᠢ ᠳᠡᠭᠡᠷᠡᠭᠢ ᠭᠠᠵᠠᠷ ᠤᠳ ᠶᠢᠡᠷ ᠶᠠᠪᠣᠵᠤ ᠴᠢᠳᠠᠬᠤ ᠶᠤᠮ᠃ ᠨᠥᠭᠦᠭᠡ ᠳᠠᠯ᠎ᠠ ᠪᠠᠷ ᠡᠷᠳᠡᠨ ᠤ ᠳᠠᠢ᠌ᠨ ᠪᠠᠢ᠌ᠯᠳᠤᠭᠠᠨ ᠤ ᠭᠡᠷᠡᠭ᠍ᠴᠡᠭᠡ ᠡᠴᠠ ᠪᠣᠯᠤᠭᠰᠠᠨ ᠶᠤᠮ᠃ ᠠᠳᠠᠷᠯᠠᠨ ᠪᠠᠢ᠌ᠯᠳᠤᠬᠤ ᠳᠤ ᠴᠡᠷᠢᠭ᠌ ᠤᠨ ᠠᠷᠤ ᠳᠠᠯ᠎ᠠ ᠶᠢᠨ ᠬᠠᠩᠭ᠋ᠠᠯᠳᠠ ᠪᠠᠨ ᠳᠦᠭᠦᠷ ᠰᠢᠰᠲ᠋ᠸᠮᠴᠢᠯᠡᠭ᠍ᠰᠡᠨ ᠴᠤᠭᠴᠠ ᠪᠣᠯᠭᠠᠵᠤ ᠴᠢᠳᠠᠳᠠᠭ ᠶᠤᠮ᠃ ᠵᠢᠰᠢᠶᠠᠯᠠᠪᠠᠯ᠄ ᠥᠭᠡᠯᠡᠳ ᠤᠨ ᠡᠰᠡᠨ ᠬᠠᠭᠠᠨ 《1451 ᠣᠨ ᠳᠤ ᠵᠦᠩ ᠶᠤᠸᠠᠨ ᠣᠷᠤᠨ ᠯᠤᠭ᠎ᠠ ᠠᠷᠠᠯᠵᠢᠶ᠎ᠠ ᠰᠤᠯᠢᠯᠴᠠᠭ᠎ᠠ ᠪᠠᠨ ᠴᠢᠩᠭ᠋ᠠᠳᠬᠠᠬᠤ ᠶᠢᠨ ᠲᠦᠯᠦᠭᠡ ᠡᡁᠧ ᠰᠦᠩ ᠯᠢᠩ ᠳᠠᠪᠠᠭᠠᠨ ᠤ ᠣᠷᠴᠢᠮ ᠭᠤᠷᠪᠠᠨ ᠮᠢᠩᠭ᠋ᠠᠨ ᠥᠭᠡᠷ ᠳᠡᠷᠭᠡ ᠭᠢᠯᠭᠡᠪᠡ》 ③᠃ ᠡᠷᠳᠡᠨ ᠤ ᠪᠠᠢ᠌ᠯᠳᠤᠭᠠᠨ ᠤ ᠳᠡᠷᠭᠡ ᠪᠠ ᠣᠳᠤ ᠦᠶ᠎ᠡ ᠶᠢᠨ ᠶᠡᠭᠡ ᠪᠣᠤ ᠶᠢᠨ ᠭᠦᠷᠳᠤ ᠨᠢ ᠪᠦᠷ ᠮᠤᠩᠭ᠋ᠤᠯ ᠳᠡᠷᠭᠡ ᠶᠢᠨ ᠮᠡᠷᠭᠡᠵᠢᠯ ᠡᠴᠠ ᠰᠡᠭᠡᠭᠡᠷᠡᠯ ᠣᠯᠵᠤ ᠳᠤᠷᠰᠢᠨ ᠭᠢᠭ᠍ᠰᠡᠨ ᠣᠯᠠ ᠮᠦᠷ ᠪᠠᠢ᠌ᠭᠰᠠᠭᠠᠷ᠃


ᠬᠤᠶᠠᠷ᠂ ᠳᠡᠷᠭᠡᠨ ᠤ ᠪᠣᠯᠤ ᠶᠢᠨ ᠳᠤᠬᠠᠢ


ᠳᠡᠷᠭᠡᠨ ᠤ ᠪᠣᠯᠤ ᠪᠣᠯ ᠮᠤᠩᠭ᠋ᠤᠯ ᠳᠡᠷᠭᠡᠨ ᠤ ᠬᠠᠮᠤᠭ ᠤᠨ ᠵᠠᠩᠭᠢᠯᠠᠭ᠎ᠠ ᠶᠢᠨ ᠴᠤᠭᠴᠠ ᠪᠣᠯᠤᠨ᠎ᠠ᠃ ᠳᠡᠭᠦᠨ ᠳᠤ ᠭᠢᠮᠢ᠂ ᠹᠢᠽᠢᠺ ᠤᠨ ᠣᠬᠠᠭᠠᠨ ᠪᠠ ᠳᠤᠭᠠᠨ ᠤ ᠣᠬᠠᠭᠠᠨ ᠤ ᠶᠤᠰᠤ ᠪᠠᠢ᠌ᠳᠠᠭ᠃

a .ᠮᠠᠲ᠋ᠸᠷᠢᠶᠠᠯ ᠢ ᠰᠤᠩᠭ᠋ᠤᠬᠤ᠄ ᠪᠣᠯᠤ ᠶᠢᠨ ᠮᠤᠳᠤ ᠶᠢ ᠣᠢ ᠶᠢᠨ ᠵᠠᠬ᠎ᠠ ᠳᠠᠯ᠎ᠠ ᠳᠤ ᠪᠠᠢ᠌ᠭᠠᠯᠢ ᠶᠢᠨ ᠰᠠᠯᠭᠢᠨ ᠤ ᠠᠶ᠎ᠠ ᠪᠠᠷ ᠮᠤᠰᠢᠭᠠᠷᠠᠯᠳᠤᠨ ᠣᠷᠭᠤᠭᠰᠠᠨ ᠡᠴᠠ ᠰᠢᠷᠭᠡᠭ᠌ ᠨᠢ ᠭᠦᠡᠳᠡᠯᠡᠨ ᠰᠢᠭ᠌ ᠪᠣᠯᠤᠭᠰᠠᠨ ᠣᠯᠠᠨ ᠭᠡᠰᠢᠭᠦᠤ ᠲᠡᠶ ᠮᠤᠳᠤᠨ ᠤ ᠭᠡᠰᠢᠭᠦᠤ ᠦᠭᠡᠶ ᠭᠡᠰᠡᠭ᠌ ᠡᠴᠠ ᠨᠢ ᠰᠤᠩᠭ᠋ᠤᠵᠤ ᠠᠪᠳᠠᠭ᠃ ᠳᠡᠭᠦᠨ ᠤ ᠰᠢᠷᠭᠡᠭ᠌ ᠡᠢ᠌ᠰᠢ ᠳᠠᠢ᠌ᠰᠢ ᠪᠠᠢ᠌ᠵᠤ ᠬᠠᠷᠢᠮᠠᠬᠠᠢ ᠴᠢᠨᠠᠷ ᠶᠢᠡᠷ ᠶᠢᠡᠨ ᠰᠠᠢ᠌ᠨ ᠪᠠᠢ᠌ᠳᠠᠭ᠃ ᠭᠦᠷᠳᠤᠨ ᠤ ᠪᠣᠯᠤ ᠪᠣᠯᠤᠭᠰᠠᠨ ᠳᠠᠷᠠᠭ᠎ᠠ ᠬᠠᠭᠠᠷᠠᠵᠤ ᠡᠪᠳᠡᠷᠡᠭᠦ ᠦᠭᠡᠶ ᠪᠣᠯᠤᠨ᠎ᠠ᠃

b. ᠪᠣᠯᠤ ᠰᠢᠳᠠᠭᠠᠬᠤ᠄ ᠪᠣᠯᠤ ᠶᠢᠨ ᠮᠤᠳᠤᠨ ᠮᠠᠲ᠋ᠸᠷᠢᠶᠠᠯ ᠢ ᠰᠤᠩᠭ᠋ᠤᠭᠰᠠᠨ ᠤ ᠳᠠᠷᠠᠭ᠎ᠠ ᠭᠤᠤᠯ ᠶᠢᠡᠷ ᠨᠢ ᠦᠷᠤᠮᠳᠠᠵᠤ ᠨᠥᠭᠡ ᠭᠠᠷᠭᠠᠭᠠᠤᠨ ᠨᠣᠢ᠌ᠳᠠᠨ ᠶᠢᠡᠷ ᠨᠢ ᠰᠢᠳᠠᠭᠠᠳᠠᠭ᠃ ᠡᠨᠡ ᠨᠢ ᠪᠣᠯᠤ ᠶᠢᠨ ᠮᠤᠳᠤ ᠶᠢ ᠪᠠᠭᠢᠯᠠᠵᠤ ᠪᠠᠢ᠌ᠬᠤ ᠮᠦᠷᠳᠡᠭᠡᠨ ᠬᠠᠳᠠᠭᠠᠵᠤ ᠪᠠᠢ᠌ᠭ᠎ᠠ ᠮᠡᠷᠭᠡᠵᠢᠯ ᠪᠣᠯᠬᠤ ᠶᠤᠮ᠃ ᠡᠭᠦᠨ ᠳᠤ ᠹᠢᠽᠢᠺ ᠤᠨ ᠢᠯᠴᠢ ᠶᠢᠨ ᠣᠬᠠᠭᠠᠨ ᠢ ᠦᠨᠳᠦᠰᠦᠯᠠᠨ᠂ ᠪᠣᠯᠤ ᠶᠢᠨ ᠬᠠᠷᠢᠮᠠᠬᠠᠢ ᠴᠢᠨᠠᠷ ᠢ ᠨᠢ ᠨᠠᠩ ᠰᠠᠢ᠌ᠨ ᠪᠣᠯᠭᠠᠵᠤ᠂ ᠪᠣᠯᠤ ᠶᠢᠨ ᠬᠠᠳᠠᠬᠤ ᠳᠠᠭᠠᠨ ᠬᠠᠭᠠᠷᠠᠬᠤ ᠶᠢ ᠰᠡᠷᠭᠡᠢ᠌ᠯᠡᠵᠤ ᠪᠣᠢ᠃ ᠮᠦᠨ ᠴᠤ ᠪᠣᠯᠤ ᠶᠢᠨ ᠰᠢᠳᠠᠭᠠᠭᠳᠠᠭᠰᠠᠨ ᠭᠠᠳᠠᠷᠭᠤ ᠳᠠᠯ᠎ᠠ ᠨᠢ ᠨᠡᠭᠦᠷᠡᠰᠢᠵᠢᠭ᠍ᠰᠡᠨ ᠭᠠᠳᠠᠷᠭᠤ ᠪᠣᠯᠵᠤ ᠪᠣᠷᠤᠭ᠎ᠠ ᠣᠰᠤᠨ ᠳᠤ ᠠᠮᠠᠷᠠᠬᠠᠨ ᠢᠯᠵᠢᠷᠠᠵᠤ ᠮᠠᠭᠤᠳᠠᠬᠤ ᠦᠭᠡᠶ ᠪᠣᠯᠳᠠᠭ ᠨᠢ ᠭᠢᠮᠢ ᠶᠢᠨ ᠶᠤᠰᠤᠨ ᠢ ᠦᠨᠳᠦᠰᠦᠯᠠᠵᠤ ᠪᠠᠢ᠌ᠭ᠎ᠠ ᠶᠤᠮ᠃ ᠪᠣᠰᠤᠳ ᠶᠠᠰᠤᠳᠠᠨ ᠣᠢ᠌ᠯᠠᠳᠪᠣᠷᠢᠯᠠᠯ ᠤᠨ ᠬᠤᠪᠢᠰᠬᠠᠯ ᠡᠴᠠ ᠬᠣᠢ᠌ᠰᠢ ᠮᠤᠳᠤᠨ ᠤ ᠳᠤᠰᠤᠨ ᠪᠣᠳᠤᠭ ᠭᠠᠷᠤᠭᠰᠠᠨ ᠤ ᠳᠠᠷᠠᠭ᠎ᠠ ᠰᠠ‍‌ᠶᠢ ᠰᠢᠷ ᠪᠣᠯᠤ ᠲᠡᠶ ᠳᠡᠷᠭᠡ ᠶᠢ ᠭᠢᠭᠦ ᠪᠣᠯᠤᠭᠰᠠᠨ ᠶᠤᠮ᠃

c. ᠪᠣᠯᠤ ᠰᠠᠷᠭᠢᠨᠠᠭᠯᠠᠬᠤ᠄ ᠳᠡᠷᠭᠡᠨ ᠤ ᠪᠣᠯᠤ ᠳᠡᠭᠡᠷ᠎ᠡ ᠭᠡᠭᠡᠰᠤᠨ ᠤ ᠨᠥᠭᠡ ᠴᠥᠴᠡᠯᠡᠭᠦ ᠶᠢ ᠭᠡᠯᠡᠵᠤ ᠪᠣᠢ᠃ ᠡᠭᠦᠨ ᠳᠤ ᠭᠠᠳᠠᠷᠭᠤ ᠪᠠ ᠳᠤᠳᠤᠷ ᠳᠠᠯ᠎ᠠ ᠶᠢᠨ ᠊ᠭ᠍‍ᠷᠠᠳᠦ᠋ᠰ ᠤᠨ ᠭᠡᠮᠵᠢᠶ᠎ᠡ ᠨᠢ ᠭᠤᠭᠤᠷᠤᠠᠳᠤ ᠪᠠᠨ ᠵᠦᠷᠢᠶ᠎ᠠ ᠲᠡᠶ ᠪᠣᠯᠬᠤᠷ π ᠶᠢᠨ ᠵᠦᠢ᠌ ᠪᠠᠷ ᠪᠣᠯᠤ ᠶᠢᠨ ᠳᠤᠳᠤᠷ ᠳᠠᠯ᠎ᠠ ᠶᠢᠨ ᠴᠥᠴᠡᠯᠡᠭ᠍ᠰᠡᠨ ᠨᠥᠭᠡ ᠶᠢᠨ ᠬᠤᠭᠤᠷᠤᠠᠳᠤᠭᠢ ᠵᠠᠢ ᠨᠢ ᠲᠤᠩ ᠤᠢ᠌ᠷᠠᠬᠠᠨ ᠪᠣᠯᠳᠠᠭ᠃ ᠡᠢ᠌ᠮᠤ ᠡᠴᠠ ᠭᠡᠭᠡᠰᠤ ᠱᠠᠭᠠᠬᠤ ᠳᠤ ᠨᠢᠭᠡ ᠨᠢᠭᠡ ᠳᠡᠭᠡᠨ ᠬᠠᠷᠢᠯᠴᠠᠨ ᠵᠢᠭᠢᠷᠡᠭ᠌ ᠪᠣᠯᠵᠤ᠂ ᠭᠦᠴᠤᠨ ᠤ ᠨᠠᠢ᠌ᠯᠠᠮᠠᠯ ᠶᠤᠰᠤ ᠪᠠᠷ ᠲᠤᠩ ᠪᠠᠭᠢᠯᠢᠭ᠌ ᠪᠣᠯᠳᠠᠭ᠃ ᠨᠥᠭᠦᠭᠡ ᠳᠠᠯ᠎ᠠ ᠪᠠᠷ ᠭᠡᠭᠡᠰᠤ ᠪᠠᠨ ᠪᠣᠯᠤ ᠳᠠᠭᠠᠨ ᠡᠭ᠍ᠴᠡ ᠱᠠᠭᠠᠬᠤ ᠦᠭᠡᠶ ᠳᠤᠯᠠ᠂ ᠭᠠᠳᠠᠭᠰᠢ ᠪᠠᠨ ᠳᠤᠭᠳᠠᠭᠰᠠᠨ ᠥᠡᠴᠦᠭ᠌ ᠪᠠᠷ ᠵᠢᠰᠢᠭᠦᠤ ᠰᠢᠭᠠᠳᠠᠭ ᠪᠣᠯᠬᠤᠷ ᠪᠣᠯᠤ ᠰᠠᠷᠭᠢᠨᠠᠭᠬᠤ ᠳᠠᠭᠠᠨ ᠵᠢᠰᠢᠭᠦᠤ ᠰᠠᠷᠭᠢᠨᠠᠭᠳᠠᠭ᠃ ᠡᠭᠦᠨ ᠢ ᠭᠦᠷᠳᠤᠨ ᠤ 《ᠨᠠᠭᠠᠷ》 ⑤ ᠭᠡᠳᠡᠭ᠌᠃ ᠭᠦᠷᠳᠤ ᠶᠢ 《ᠨᠠᠭᠠᠷ》 ᠲᠡᠶ ᠭᠢᠭᠦ ᠨᠢ᠂ ᠳᠡᠷᠭᠡᠨ ᠤ ᠳᠠᠭᠠᠭᠠᠴᠠ ᠶᠢ ᠨᠡᠮᠡᠭ᠍ᠳᠡᠭᠦᠯᠤᠨ ᠠᠭᠤᠯᠠ ᠳᠠᠪᠠᠬᠤ ᠳᠤ ᠥᠭ᠍ᠰᠦᠭᠦᠤ ᠳᠦᠷᠭᠡᠯᠡᠭᠦᠤ᠂ ᠡᠩᠭᠦᠯ ᠳᠤᠩᠬᠤᠯ ᠲᠡᠶ ᠬᠠᠳᠠ ᠴᠢᠯᠠᠭᠤ ᠲᠡᠶ ᠭᠠᠵᠠᠷ ᠶᠠᠪᠣᠬᠤ ᠳᠤ ᠳᠡᠷᠭᠡᠨ ᠭᠦᠷᠳᠤ ᠶᠢᠨ ᠴᠤᠭᠢᠯᠭ᠎ᠠ ᠶᠢ ᠪᠠᠭᠠᠰᠬᠠᠵᠤ ᠬᠠᠮᠭᠢᠷᠠᠬᠤ ᠠᠶᠤᠯ ᠭᠠᠷᠬᠤ ᠶᠢ ᠰᠡᠷᠭᠡᠢ᠌ᠯᠡᠳᠡᠭ᠌ ᠪᠢᠯᠠ᠃ ᠡᠭᠦᠨ ᠳᠤ ᠹᠢᠽᠢᠺ ᠤᠨ ᠭᠦᠴᠤᠨ ᠤ ᠣᠬᠠᠭᠠᠨ ᠤ ᠶᠤᠰᠤ ᠶᠢ ᠪᠠᠷᠢᠮᠳᠠᠯᠠᠵᠠᠢ᠃


ᠭᠤᠷᠪᠠ᠂ ᠳᠡᠷᠭᠡᠨ ᠤ ᠮᠥᠭᠡᠷ ᠤᠨ ᠳᠤᠬᠠᠢ


a .ᠮᠥᠭᠡᠷ ᠤᠨ ᠮᠤᠳᠤᠨ ᠤ ᠮᠠᠲ᠋ᠸᠷᠢᠶᠠᠯ ᠢ ᠰᠤᠩᠭ᠋ᠤᠬᠤ ᠳᠠᠭᠠᠨ ᠰᠢᠭᠤᠢ ᠶᠢᠨ ᠭᠦᠪᠠᠭᠡᠨ ᠤ ᠠᠭᠤᠯᠠ ᠶᠢᠨ ᠣᠷᠤᠢ ᠶᠢᠨ ᠭᠡᠰᠡᠭ᠌ ᠲᠤ ᠣᠷᠭᠤᠭᠰᠠᠨ ᠥᠭᠡᠷ ᠰᠡᠭᠦᠯ ᠲᠡᠶ (ᠳᠤᠯᠤᠭᠠᠢ ᠨᠢ ᠪᠦᠳᠦᠭᠦᠨ ᠰᠡᠭᠦᠯ ᠨᠢ ᠨᠠᠷᠢᠨ)ᠮᠤᠳᠤ ᠶᠢ ᠰᠤᠩᠭ᠋ᠤᠵᠤ ᠭᠡᠷᠡᠭᠯᠡᠨ᠎ᠡ᠃ ᠣᠴᠢᠷ ᠨᠢ ᠰᠢᠭᠤᠢ ᠶᠢᠨ ᠭᠦᠪᠠᠭᠡᠨ ᠤ ᠠᠭᠤᠯᠠᠨ ᠣᠷᠤᠢ ᠶᠢᠨ ᠭᠡᠰᠡᠭ᠌ ᠲᠤ ᠦᠷᠭᠦᠯᠵᠢ ᠰᠠᠯᠭᠢ ᠲᠡᠶ ᠪᠣᠯᠬᠤᠷ ᠳᠠᠠᠳᠠᠭᠢ ᠮᠤᠳᠤ ᠨᠢ ᠨᠢᠯᠬ᠎ᠠ ᠪᠠᠭ᠎ᠠ ᠡᠴᠠ ᠪᠠᠨ ᠰᠠᠯᠭᠢ ᠰᠢᠭᠤᠷᠭ᠎ᠠ ᠦᠵᠡᠵᠤ᠂ ᠡᠢ᠌ᠰᠢ ᠳᠠᠢ᠌ᠰᠢ ᠭᠠᠩᠬᠤᠨ ᠭᠦᠳᠡᠯᠵᠤ ᠡᠯᠳᠡᠪᠯᠡᠭ᠍ᠳᠡᠨ ᠳᠠᠪᠳᠠᠭᠳᠠᠭᠰᠠᠭᠠᠷ ᠮᠤᠳᠤᠨ ᠤ ᠰᠢᠷᠭᠡᠭ᠌ ᠨᠢ ᠬᠠᠷᠢᠮᠠᠬᠠᠢ ᠴᠢᠨᠠᠷ ᠲᠡᠶ ᠪᠣᠯᠤᠭᠰᠠᠨ ᠪᠠᠢ᠌ᠨ᠎ᠠ᠃ ᠡᠭᠦᠨ ᠢ ᠡᠷᠳᠡᠨ ᠤ ᠮᠤᠩᠭ᠋ᠤᠯᠴᠤᠳ ᠰᠢᠡᠵᠢᠯᠡᠭᠦᠢ ᠣᠬᠠᠭᠠᠠᠴᠢ ᠪᠠᠷ ᠢᠯᠡᠷᠡᠭᠦᠯᠦᠭ᠍ᠰᠡᠨ ᠪᠠᠢ᠌ᠨ᠎ᠠ᠃

b. ᠮᠥᠭᠡᠷ ᠮᠠᠳᠠᠬᠤ᠄ ᠮᠥᠭᠡᠷ ᠤᠨ ᠮᠠᠲ᠋ᠸᠷᠢᠶᠠᠯ ᠶᠢᠡᠨ ᠰᠤᠩᠭ᠋ᠤᠭᠰᠠᠨ ᠤ ᠳᠠᠷᠠᠭ᠎ᠠ᠂ ᠭᠠᠵᠠᠷ ᠲᠤ ᠣᠷᠢᠤᠠᠴᠢᠯᠠᠨ ᠵᠤᠬᠢᠶᠠᠭᠰᠠᠨ ᠵᠤᠤᠬ᠎ᠠ ᠳᠠᠭᠠᠨ ᠮᠥᠭᠡᠷ ᠤᠨ ᠮᠤᠳᠤ ᠪᠠᠨ ᠭᠢᠵᠤ ᠵᠥᠭᠡᠯᠡᠷᠡᠳᠡᠯ᠎ᠡ ᠬᠠᠯᠠᠭᠠᠳᠠᠭ ᠪᠢᠯᠠ᠃ ᠭᠦᠢᠴᠡᠳ ᠬᠠᠯᠠᠭᠠᠭᠰᠠᠨ ᠤ ᠳᠠᠷᠠᠭ᠎ᠠ 《ᠬᠠᠵᠢᠷ ᠺᠤᠠᠮᠠ》 -ᠮᠥᠭᠡᠷ ᠮᠠᠳᠠᠬᠤ ᠠᠰ ᠮᠤᠳᠤ ᠶᠢ ᠭᠡᠷᠡᠭᠯᠡᠨ ᠨᠠᠷᠢᠨ ᠭᠢᠨᠠᠮᠠᠭᠠᠢ᠂ ᠠᠯᠬᠤᠮ ᠳᠠᠷᠠᠭ᠎ᠠ ᠲᠡᠶ ᠪᠠᠷ ᠮᠥᠭᠡᠷ ᠤᠨ ᠮᠤᠳᠤ ᠪᠠᠨ 180 ᠊ᠭ᠍‍ᠷᠠᠳᠦ᠋ᠰ ᠨᠤᠮᠤ(ᠬᠠᠭᠠᠰ ᠳᠤᠭᠤᠷᠢᠭ)ᠪᠣᠯᠭᠠᠵᠤ ᠮᠠᠳᠠᠨ᠎ᠠ᠃ ᠭᠡᠭᠦ ᠳᠡᠭᠡᠨ ᠳᠤᠯᠤᠭᠠᠢ ᠪᠠ ᠰᠡᠭᠦᠯ ᠤᠨ ᠭᠡᠰᠡᠭ᠌ ᠤᠨ ᠨᠤᠮᠤ ᠶᠢᠨ ᠳ᠋ᠢᠶᠠᠮᠸᠲ᠋ᠷ ᠨᠢ ᠨᠠᠯᠢᠶᠠᠤᠨ ᠶᠡᠭᠡ ᠰᠢᠭ᠌ ᠊ᠭ᠍‍ᠷᠠᠳᠦ᠋ᠰ ᠲᠡᠶ ᠪᠣᠯᠭᠠᠵᠤ ᠮᠠᠳᠠᠨ᠎ᠠ᠃ ᠣᠴᠢᠷ ᠨᠢ ᠳᠡᠷᠭᠡ ᠮᠥᠭᠡᠷᠯᠡᠭᠦ ᠳᠤ ᠬᠤᠶᠠᠷ ᠮᠥᠭᠡᠷ ᠤᠨ ᠠᠮᠠ ᠰᠡᠭᠡᠷ ᠨᠢ ᠠᠭᠤᠯᠵᠠᠬᠤ ᠪᠠᠷ ᠰᠠᠢ᠌ᠨ ᠪᠠᠢ᠌ᠳᠠᠭ᠃ ᠊ᠭ᠍‍ᠷᠠᠳᠦ᠋ᠰ ᠤᠨ ᠳᠤᠭ᠎ᠠ ᠭᠦᠷᠳᠡᠯ᠎ᠡ ᠮᠠᠳᠠᠭᠰᠠᠨ ᠤ ᠳᠠᠷᠠᠭ᠎ᠠ ᠭᠦᠪᠴᠢᠯᠡᠨ ᠬᠠᠳᠠᠭᠠᠨ᠎ᠠ᠃ ᠮᠠᠨ ᠤ ᠡᠪᠦᠭᠡ ᠳᠡᠭᠡᠳᠦᠰ ᠮᠥᠭᠡᠷ ᠮᠠᠳᠠᠬᠤ ᠳᠠᠭᠠᠨ᠂ ᠢᠯᠴᠢ ᠶᠢᠨ ᠣᠬᠠᠭᠠᠨ᠂ ᠭᠦᠴᠤᠨ ᠤ ᠣᠬᠠᠭᠠᠨ᠂ ᠳᠤᠭᠠᠨ ᠤ ᠣᠬᠠᠭᠠᠨ ᠤ ᠵᠦᠢ ᠶᠤᠰᠤ ᠶᠢ ᠭᠦᠢᠴᠡᠳ ᠠᠰᠢᠭᠯᠠᠭᠰᠠᠨ ᠪᠠᠢ᠌ᠨ᠎ᠠ᠃


ᠳᠦᠷᠪᠠ᠂ ᠭᠡᠭᠡᠰᠤ ᠮᠤᠳᠤ ᠠᠪᠬᠤ᠂ ᠪᠣᠯᠤ ᠮᠥᠭᠡᠷᠯᠡᠭᠦ ᠳᠤᠬᠠᠢ


a. ᠮᠠᠲ᠋ᠸᠷᠢᠶᠠᠯ ᠰᠤᠩᠭ᠋ᠤᠬᠤ᠄ ᠭᠡᠭᠡᠰᠤᠨ ᠤ ᠮᠤᠳᠤ ᠶᠢ ᠬᠠᠷᠢᠨ ᠮᠥᠭᠡᠷ ᠤᠨ ᠮᠤᠳᠤ ᠡᠴᠠ ᠦᠰᠦᠳ ᠣᠠᠳᠤᠤ ᠪᠠᠷ ᠣᠢ ᠶᠢᠨ ᠳᠤᠮᠳᠠᠭᠢ ᠰᠠᠯᠭᠢ᠂ ᠰᠢᠭᠤᠷᠠᠭ᠎ᠠ ᠵᠡᠷᠭᠡ ᠶᠢ ᠪᠠᠭ᠎ᠠ ᠠᠮᠰᠠᠵᠤ ᠠᠰ ᠰᠢᠯᠤᠭᠤᠨ ᠥᠰᠦᠭ᠍ᠰᠡᠨ ᠳᠤᠮᠤ ᠰᠢᠭ ᠮᠤᠳᠤ(ᠰᠢᠷᠭᠡᠭ᠌ ᠶᠢᠡᠷ ᠨᠢ ᠠᠰ ᠬᠠᠭᠠᠯᠠᠵᠤ᠂ ᠭᠡᠭᠡᠰᠤ ᠪᠣᠯᠭᠠᠬᠤ ᠳᠤ ᠰᠠᠢ᠌ᠨ)ᠵᠢ᠌ ᠰᠤᠩᠭ᠋ᠤᠵᠤ᠂ ᠵᠤᠭᠢᠬᠤ ᠭᠡᠮᠵᠢᠶ᠎ᠡ ᠪᠠᠷ ᠣᠭᠳᠤᠯᠠᠨ᠂ ᠬᠤᠪᠢᠶᠠᠨ ᠬᠠᠭᠠᠯᠵᠤ ᠪᠠᠷᠠᠯᠤᠨ(ᠪᠣᠷᠤ ᠮᠠᠲ᠋ᠸᠷᠢᠶᠠᠯ ᠪᠣᠯᠭᠠᠨ) ᠬᠠᠳᠠᠭᠠᠨ᠎ᠠ᠃ ᠭᠦᠢᠴᠡᠳ ᠬᠠᠳᠠᠭᠠᠭᠳᠠᠭᠰᠠᠨ ᠬᠣᠢ᠌ᠨ᠎ᠠ ᠨᠠᠷᠢᠯᠢᠭ ᠰᠠᠢᠬᠠᠨ ᠶᠢᠡᠷ ᠣᠭᠤᠯᠢᠳᠠᠵᠤ ᠨᠢᠭᠡ ᠭᠡᠪ ᠤᠨ ᠭᠡᠭᠡᠰᠤ ᠪᠣᠯᠭᠠᠨ᠂ ᠪᠣᠯᠤ ᠳᠠᠭᠠᠨ ᠰᠢᠭᠠᠯᠳᠠ ᠰᠠᠢ᠌ᠨ ᠲᠡᠶ ᠪᠠᠷ ᠣᠭᠰᠠᠷᠠᠨ᠎ᠠ᠃

b. ᠪᠣᠯᠤ ᠮᠥᠭᠡᠷᠯᠡᠭᠦ᠄ ᠭᠦᠢᠴᠡᠳ ᠰᠠᠢ᠌ᠨ ᠬᠠᠳᠠᠭᠰᠠᠨ ᠮᠥᠭᠡᠷ ᠶᠢᠡᠨ᠂ ᠪᠣᠯᠤ ᠳᠠᠭᠠᠨ ᠳᠠᠷᠠᠬᠠᠯᠠᠵᠤ ᠣᠭᠰᠠᠷᠠᠭᠰᠠᠨ ᠭᠡᠭᠡᠰᠤ ᠳᠡᠭᠡᠨ ᠳᠠᠭᠠᠷᠠᠭᠤᠯᠵᠤ᠂ ᠴᠦᠴᠠᠯᠠᠨ ᠨᠥᠭᠡᠯᠡᠵᠤ ᠵᠤᠭᠢᠬᠤ ᠭᠡᠮᠵᠢᠶᠡᠨ ᠪᠠᠭᠠᠵᠢ ᠭᠡᠷᠡᠭ᠍ᠰᠡᠯ(ᠪᠤᠯᠤ ᠮᠥᠭᠡᠷᠯᠡᠭᠦ ᠨᠥᠭᠡ᠂ ᠮᠥᠭᠡᠷ ᠢ ᠳᠤᠳᠤᠭᠰᠢ ᠳᠠᠳᠠᠵᠤ ᠡᠷᠡᠭᠦ ᠠᠷᠭᠠᠮᠵᠢᠶ᠎ᠠ ᠵᠡᠷᠭᠡ)᠊ᠢ ᠠᠰᠢᠭᠯᠠᠵᠤ ᠪᠣᠯᠤ ᠪᠠᠨ ᠮᠥᠭᠡᠷᠯᠡᠨ᠎ᠡ᠃ ᠭᠡᠭᠦ ᠳᠡᠭᠡᠨ ᠰᠢᠭᠠᠳᠠᠭ(ᠥᠭᠡᠯᠡᠳ ᠪᠠᠷ ᠱᠠᠪᠠᠷ ᠭᠡᠨ᠎ᠡ)ᠲ᠋ᠠᠯᠪᠢᠬᠤ ᠳᠠᠭᠠᠨ ᠰᠥᠭᠡ ᠪᠠᠨ ᠳᠤᠷᠭᠢᠭᠤᠯᠤᠨ ᠴᠤᠭᠢᠵᠤ ᠪᠣᠯᠬᠤ ᠦᠭᠡᠶ᠂ ᠡᠨᠡ ᠨᠢ ᠳᠤᠷᠭᠢᠯᠳᠠ ᠡᠴᠠ ᠪᠣᠯᠵᠤ ᠥᠭᠡᠷ᠎ᠡ ᠪᠣᠰᠤᠳ ᠭᠡᠭᠡᠰᠤ ᠪᠣᠯᠤ ᠡᠴᠠ ᠮᠤᠯᠳᠤᠷᠠᠵᠤ ᠰᠤᠯᠠᠳᠠᠬᠤ ᠶᠢ ᠰᠡᠷᠭᠡᠢ᠌ᠯᠡᠵᠤ ᠪᠠᠢ᠌ᠨ᠎ᠠ᠃ ᠮᠠᠨ ᠤ ᠡᠪᠦᠭᠡ ᠳᠡᠭᠡᠳᠦᠰ᠂ ᠶᠠᠮᠠᠷ ᠴᠤ ᠬᠠᠳᠠᠭᠠᠰᠤ᠂ ᠴᠠᠪᠠᠤ ᠵᠡᠷᠭᠡ ᠭᠡᠷᠡᠭᠯᠡᠭᠦ ᠦᠭᠡᠶ ᠪᠠᠷ ᠦᠪᠡᠷ ᠤᠨ ᠣᠶᠤᠨ ᠣᠬᠠᠭᠠᠨ ᠶᠢᠡᠨ ᠪᠠᠳᠠᠷᠠᠭᠤᠯᠤᠨ᠂ ᠨᠢᠭᠡᠨ ᠴᠤᠭᠴᠠ ᠨᠠᠢ᠌ᠯᠠᠮᠠᠯ ᠭᠦᠴᠤᠨ ᠳᠠᠭᠠᠷᠠᠭᠰᠠᠨ᠂ ᠭᠦᠳᠡᠷ ᠭᠡᠪᠯᠢᠭ᠌᠂ ᠰᠢᠭᠠᠯᠳᠠ ᠰᠠᠢ᠌ᠠᠳᠠᠢ᠂ ᠮᠤᠩᠭ᠋ᠤᠯ ᠳᠡᠷᠭᠡᠨ ᠤ ᠭᠦᠷᠳᠤ ᠡᠭᠦᠳᠤᠨ ᠪᠦᠳᠦᠭᠡᠭ᠍ᠰᠡᠨ ᠰᠠᠨ᠃


ᠳᠠᠪᠣ᠂ ᠳᠡᠩᠭᠡᠯᠢᠭ᠌ ᠣᠷᠤᠭᠤᠯᠵᠤ᠂ ᠠᠷᠠᠯ ᠳᠠᠭᠠᠷᠠᠭᠤᠯᠬᠤ ᠳᠤᠬᠠᠢ


a. ᠳᠡᠩᠭᠡᠯᠢᠭ᠌ ᠤᠨ ᠮᠤᠳᠤ ᠰᠤᠩᠭ᠋ᠤᠬᠤ ᠪᠠ ᠣᠷᠤᠭᠤᠯᠬᠤ᠄ ᠳᠡᠩᠭᠡᠯᠢᠭ᠌ ᠭᠢᠭᠦ ᠮᠤᠳᠤ ᠶᠢ ᠵᠢᠭ᠍ᠳᠡ ᠰᠢᠯᠤᠭᠤᠨ ᠵᠢᠰᠢᠭᠦᠤ ᠰᠢᠷᠭᠡᠭ᠌ ᠲᠡᠶ ᠮᠤᠳᠤ ᠶᠢ ᠰᠤᠩᠭ᠋ᠤᠵᠤ ᠣᠷᠳᠤ ᠣᠬᠤᠷ ᠢ ᠨᠢ ᠣᠢ᠌ᠯᠠᠳᠪᠣᠷᠢᠯᠠᠯ ᠠᠮᠢᠳᠤᠷᠠᠯ ᠤᠨ ᠳᠤᠮᠳᠠ ᠠᠶᠠᠠᠳᠠᠭᠠᠨ ᠪᠣᠢ ᠪᠣᠯᠤᠭᠰᠠᠨ ᠮᠤᠩᠭ᠋ᠤᠯ ᠳᠡᠷᠭᠡᠨ ᠤ ᠵᠠᠮ ᠤᠨ ᠦᠷᠭᠡᠨ ᠳᠤ ᠳᠤᠭᠢᠷᠠᠭᠤᠯᠤᠨ ᠣᠭᠳᠤᠯᠠᠵᠤ ᠬᠠᠳᠠᠭᠠᠨ᠎ᠠ᠃ ᠭᠦᠢᠴᠡᠳ ᠰᠠᠢ᠌ᠨ ᠬᠠᠳᠠᠭᠰᠠᠨ ᠤ ᠳᠠᠷᠠᠭ᠎ᠠ᠂ ᠨᠢᠭᠡᠨᠲᠡ ᠳᠠᠷᠠᠬᠠᠯᠠᠵᠤ ᠳᠠᠭᠠᠷᠠᠭᠤᠯᠤᠭᠰᠠᠨ᠂ ᠳᠠᠷᠤᠢ ᠪᠣᠯᠤ ᠰᠢᠳᠠᠭᠠᠬᠤ ᠦᠶ᠎ᠡ ᠳᠡᠭᠡᠨ ᠭᠤᠤᠯ ᠶᠢᠡᠷ ᠨᠢ ᠦᠷᠤᠮᠳᠠᠵᠤ ᠭᠠᠷᠭᠠᠭᠰᠠᠨ ᠨᠥᠭᠡ ᠪᠠᠨ ᠳᠡᠩᠭᠡᠯᠢᠭ᠌ ᠤᠨ ᠭᠡᠮᠵᠢᠶ᠎ᠡ ᠪᠠᠷ ᠶᠡᠭᠡᠳᠭᠡᠨ᠂ ᠳᠠᠷᠤᠢ ᠭᠠᠳᠠᠷ ᠴᠠᠭᠠᠷᠢᠭ ᠨᠢ ᠶᠡᠭᠡ᠂ ᠳᠤᠳᠤᠷ ᠴᠠᠭᠠᠷᠢᠭ ᠨᠢ ᠪᠠᠭ᠎ᠠ ᠪᠣᠯᠭᠠᠨ ᠳᠠᠷᠠᠬᠠᠯᠠᠵᠤ᠂ ᠴᠢᠤᠸᠠᠨ(ᠰᠢᠷᠮᠤ ᠪᠠᠷ ᠴᠤᠤᠠᠬᠤᠭᠰᠠᠨ ᠪᠣᠯᠤ ᠪᠣᠯᠤᠨ ᠳᠡᠩᠭᠡᠯᠢᠭ᠌ ᠬᠠᠷᠢᠯᠴᠠᠨ ᠦᠷᠤᠯᠳᠠᠵᠤ ᠪᠠᠷᠠᠭᠳᠠᠬᠤ ᠶᠢ ᠰᠡᠷᠭᠡᠢ᠌ᠯᠡᠭᠦ ᠰᠢᠷᠠᠮᠤ)ᠰᠠᠭᠤᠯᠭᠠᠭᠰᠠᠨ ᠳᠡᠩᠭᠡᠯᠢᠭ᠌ ᠤᠨ ᠨᠥᠭᠡ ᠳᠡᠭᠡᠨ᠂ ᠵᠠᠢ ᠵᠠᠪᠰᠠᠷ ᠦᠭᠡᠶ ᠠᠪᠴᠢᠭᠤᠯᠤᠨ ᠣᠷᠤᠭᠤᠯᠤᠨ᠎ᠠ᠃ ᠥᠭᠡᠷ᠎ᠡ ᠪᠠᠷ ᠭᠡᠯᠡᠪᠠᠯ ᠪᠣᠯᠤ ᠶᠢᠨ ᠨᠥᠭᠡ ᠪᠣᠯᠤᠨ᠂ ᠳᠡᠩᠭᠡᠯᠢᠭ᠌ ᠬᠤᠶᠠᠷ ᠤᠨ ᠵᠠᠪᠰᠠᠷ ᠶᠢᠡᠷ ᠣᠰᠤ ᠴᠢᠤᠠᠬᠤᠬᠤ ᠳᠤ ᠨᠥᠭᠦᠭᠡ ᠳᠠᠯ᠎ᠠ ᠪᠠᠷ ᠨᠢ ᠭᠤᠭᠤᠵᠢᠬᠤ ᠦᠭᠡᠶ ᠪᠣᠯᠳᠠᠯ᠎ᠠ ᠠᠪᠴᠢᠭᠤᠯᠤᠨ᠎ᠠ᠃ ᠡᠨᠡᠭᠦ ᠣᠬᠠᠭᠠᠨ ᠨᠢ ᠣᠳᠤ ᠦᠶ᠎ᠡ ᠤᠨ ᠮᠠᠰᠢᠨ ᠳᠤᠨᠤᠭ ᠲᠤ ᠭᠡᠷᠡᠭᠯᠡᠵᠤ ᠪᠠᠢ᠌ᠬᠤ 《ᠭᠦᠡᠵᠸᠤ ᠳᠤᠤ》 ⑤ ᠭᠢᠭᠦ ᠳᠤ ᠰᠠᠷᠠᠯᠳᠠ ᠪᠣᠯᠤᠭᠰᠠᠨ ᠪᠠᠢ᠌ᠨ᠎ᠠ᠃ ᠳᠡᠩᠭᠡᠯᠢᠭ᠌ ᠤᠨ ᠪᠣᠯᠤ ᠶᠢᠨ ᠨᠥᠭᠡ ᠲᠡᠶ ᠦᠷᠦᠯᠳᠡᠭᠦ ᠭᠡᠰᠡᠭ᠌ ᠤᠨ ᠳᠤᠤᠷ᠎ᠠ ᠳᠠᠯ᠎ᠠ ᠳᠤ ᠵᠢᠶᠠᠨ(ᠰᠢᠷᠠᠮᠤ ᠰᠠᠪᠠᠬ᠎ᠠ᠂ ᠡᠪᠳᠡᠷᠭᠡᠢ ᠰᠢᠷᠠᠮᠤᠨ ᠳᠤᠭᠤᠭᠠᠨ ᠤ ᠵᠤᠵᠠᠭᠠᠨ ᠭᠡᠰᠡᠭ᠌ ᠶᠢᠡᠷ ᠪᠠᠰᠠ ᠣᠷᠤᠭᠤᠯᠵᠤ ᠪᠣᠯᠤᠨ᠎ᠠ)ᠰᠠᠭᠤᠯᠭᠠᠨ᠂ ᠳᠡᠩᠭᠡᠯᠢᠭ᠌ ᠪᠠᠷ ᠶᠢᠡᠨ ᠬᠤᠶᠠᠷ ᠭᠦᠷᠳᠤ ᠶᠢ ᠬᠠᠷᠢᠯᠴᠠᠨ ᠬᠤᠯᠪᠣᠵᠤ᠂ ᠳᠡᠩᠭᠡᠯᠢᠭ᠌ ᠤᠨ ᠬᠤᠶᠠᠷ ᠥᠵᠦᠭᠦᠷ ᠳᠤᠨᠢ ᠳᠤᠰ ᠳᠤᠰ ᠣᠭᠯᠠᠭᠤᠷᠭ᠎ᠠ ᠮᠤᠳᠤ(ᠭᠢᠳᠠᠤᠨ ᠨᠠᠷ᠎ᠠ ᠨᠢ ᠱᠤ 枢) ᠳᠤᠭᠳᠠᠭᠠᠵᠤ᠂ ᠠᠷᠠᠯ ᠣᠨᠤᠭᠤᠯᠬᠤ ᠳᠤ ᠪᠠᠯᠡᠭᠡᠨ ᠪᠣᠯᠭᠠᠨ᠎ᠠ᠃

b. ᠠᠷᠠᠯ ᠤᠨ ᠮᠤᠳᠤ ᠰᠤᠩᠭ᠋ᠤᠬᠤ ᠪᠠ ᠳᠠᠷᠠᠬᠠᠯᠠᠬᠤ᠄ ᠠᠷᠠᠯ ᠤᠨ ᠮᠤᠳᠤ ᠶᠢ ᠮᠥᠭᠡᠷ ᠤᠨ ᠮᠤᠳᠤ ᠲᠡᠶ ᠠᠳᠠᠯᠢ ᠪᠠᠷ ᠥᠭᠡᠷ ᠰᠡᠭᠦᠯ ᠲᠡᠶ ᠪᠦᠭᠡᠳ ᠳᠡᠭᠦᠨ ᠡᠴᠠ ᠣᠷᠳᠤ ᠰᠢᠭ᠂ ᠠᠰ ᠰᠢᠯᠤᠭᠤᠨ ᠮᠤᠳᠤ ᠶᠢ ᠰᠤᠩᠭ᠋ᠤᠨ ᠠᠪᠴᠤ ᠬᠠᠳᠠᠭᠠᠭᠰᠠᠨ ᠤ ᠳᠠᠷᠠᠭ᠎ᠠ᠂ ᠪᠦᠳᠦᠭᠦᠨ ᠭᠡᠰᠡᠭ᠌ ᠢ ᠨᠢ ᠳᠦᠷᠪᠠᠯᠵᠢᠯᠠᠨ ᠳᠠᠷᠠᠬᠠᠯᠠᠵᠤ ᠢᠯᠠᠤ(ᠬᠤᠶᠠᠷ ᠠᠷᠠᠯ ᠢ ᠬᠤᠯᠪᠣᠬᠤ ᠮᠤᠳᠤᠨ ᠤ ᠨᠠᠷᠠᠢ᠌ᠳᠤᠯ)ᠵᠢᠨ ᠨᠢ᠋ᠮᠠᠨ ᠨᠥᠭᠡ᠂ ᠡᠮᠡᠭᠡᠯᠰᠡᠭ᠌ (ᠠᠷᠠᠯ ᠪᠠ ᠳᠡᠩᠭᠡᠯᠢᠭ᠌ ᠬᠤᠶᠠᠷ ᠢ ᠬᠠᠷᠢᠯᠴᠠᠨ ᠬᠤᠯᠪᠣᠬᠤ ᠪᠠᠷ ᠵᠤᠬᠢᠶᠠᠭᠰᠠᠨ ᠮᠤᠩᠭ᠋ᠤᠯ ᠳᠡᠷᠭᠡᠨ ᠤ ᠭᠤᠤᠯ ᠪᠦᠷᠢᠯᠳᠦᠭᠦᠨ ᠤ ᠨᠢᠭᠡ ᠭᠡᠰᠡᠭ᠌ ᠤᠨ ᠨᠠᠷᠠᠢ᠌ᠳᠤᠯ) ᠊ᠤᠨ ᠨᠢᠭᠡ ᠬᠤᠤᠰ ᠨᠥᠭᠡ᠂ ᠨᠠᠷᠢᠨ ᠭᠡᠰᠡᠭ᠌ ᠳ᠋ᠤᠨᠢ ᠪᠣᠢ(ᠱᠠᠷ ᠶᠢᠨ ᠭᠦᠵᠦᠭᠦᠨ ᠤ ᠠᠶ᠎ᠠ ᠪᠠᠷ ᠳᠠᠭᠠᠷᠠᠭᠤᠯᠤᠠᠰᠠᠨ ᠳᠡᠷᠭᠡ ᠠᠴᠢᠬᠤ ᠮᠤᠳᠤᠨ ᠤ ᠥᠭᠡᠯᠡᠳ ᠨᠠᠷᠠᠢ᠌ᠳᠤᠯ)ᠨᠥᠭᠡ ᠭᠠᠷᠭᠠᠨ᠎ᠠ᠃

c. ᠠᠷᠠᠯ ᠳᠠᠷᠠᠬᠠᠯᠠᠬᠤ᠄ ᠨᠢᠭᠡᠨᠲᠡ ᠳᠠᠷᠬᠠᠯᠠᠵᠤ ᠪᠡᠯᠡᠳᠭᠡᠭ᠍ᠰᠡᠨ ᠢᠯᠠᠤ ᠶᠢᠨ ᠮᠤᠳᠤ ᠪᠠᠨ᠂ ᠨᠢᠭᠡ ᠠᠷᠠᠯ ᠤᠨ ᠢᠯᠠᠤ ᠪᠦᠷᠢ ᠶᠢᠨ ᠨᠥᠭᠡᠨ ᠳᠤ ᠨᠢᠭᠡ ᠨᠢᠭᠡ ᠪᠠᠷ ᠰᠢᠭᠠᠨ ᠣᠷᠤᠭᠤᠯᠵᠤ᠂ ᠠᠳᠠᠭᠠᠷ(ᠢᠯᠠᠤ ᠪᠦᠭᠦᠨ ᠢ ᠬᠠᠷᠢᠯᠴᠠᠨ ᠰᠥᠯᠵᠢᠭ᠍ᠰᠡᠨ ᠨᠠᠷᠢᠨ ᠪᠣᠷᠠᠭᠠᠰᠤ)ᠲ᠋ᠠᠳᠠᠵᠤ᠂ ᠨᠥᠭᠦᠭᠡ ᠠᠷᠠᠯ ᠢ ᠬᠠᠪᠰᠤᠷᠭᠠᠨ ᠰᠠᠭᠤᠯᠭᠠᠨ᠎ᠠ᠃ ᠬᠤᠶᠠᠷ ᠠᠷᠠᠯ ᠤᠨ ᠵᠠᠬ᠎ᠠ ᠶᠢᠨ ᠢᠯᠠᠤ ᠪᠠ ᠠᠷᠠᠯ ᠬᠤᠯᠪᠣᠯᠳᠠᠭᠰᠠᠨ ᠭᠡᠰᠡᠭ᠌ ᠲᠤ ᠳᠤᠰᠪᠣᠷᠢ ᠳᠤᠪᠴᠢᠯᠠᠭᠤᠷ(ᠭᠢᠳᠠᠤᠨ ᠨᠠᠷ᠎ᠠ ᠨᠢ ᠰᠢᠶᠤᠤ销) ᠬᠠᠳᠠᠨ᠎ᠠ᠃ ᠳᠡᠭᠡᠭᠡᠳ ᠠᠷᠠᠯ ᠳᠡᠭᠡᠷ᠎ᠡ ᠪᠠᠨ ᠡᠮᠡᠭᠡᠯᠰᠡᠭ᠌ ᠶᠢᠡᠨ ᠳᠤᠭᠳᠠᠭᠠᠵᠤ᠂ ᠪᠠᠯᠡᠭᠡᠨ ᠪᠣᠯᠭᠠᠭᠰᠠᠨ ᠳᠡᠷᠭᠡᠨ ᠭᠦᠷᠳᠤᠨ ᠤ ᠳᠡᠩᠭᠡᠯᠢᠭ᠌ ᠳᠡᠭᠡᠷ᠎ᠡ ᠣᠨᠤᠭᠤᠯᠵᠤ᠂ ᠳᠡᠩᠭᠡᠯᠢᠭ᠌ ᠪᠣᠯᠤᠨ ᠡᠮᠡᠭᠡᠯᠰᠡᠭ᠌ ᠬᠤᠶᠠᠷ ᠢ ᠬᠠᠷᠢᠯᠴᠠᠨ ᠳᠤᠪᠴᠢᠯᠠᠨ᠎ᠠ᠃

ᠠᠷᠠᠯ ᠤᠨ ᠨᠠᠷᠢᠨ ᠥᠵᠦᠭᠦᠷ ᠳᠤᠨᠢ ᠪᠣᠢ ᠮᠤᠳᠤ ᠪᠠᠨ ᠮᠤᠰᠭᠢᠭᠤᠷ(ᠠᠷᠠᠯ ᠪᠦᠷᠢ ᠶᠢ ᠬᠠᠷᠢᠯᠴᠠᠨ ᠬᠤᠯᠪᠣᠬᠤ ᠮᠤᠰᠭᠢᠮᠠᠯ ᠨᠠᠷᠢᠨ ᠪᠣᠷᠭᠠᠰᠤ ᠶᠢᠨ ᠥᠭᠡᠯᠡᠳ ᠨᠠᠷᠠᠢ᠌ᠳᠤᠯ)ᠵᠢᠠᠷ ᠮᠤᠰᠭᠢᠨ ᠳᠤᠤᠷᠯᠠᠭᠠᠤᠨ᠂ ᠪᠣᠭᠤᠷᠭᠢᠯᠵᠢ (ᠱᠠᠷ ᠤᠨ ᠬᠤᠭᠤᠯᠠᠢ ᠶᠢᠨ ᠠᠶ᠎ᠠ ᠪᠠᠷ ᠳᠠᠷᠠᠬᠠᠯᠠᠭᠰᠠᠨ᠂ ᠳᠡᠷᠭᠡ ᠭᠦᠯᠭᠦ ᠳᠤ ᠭᠡᠷᠡᠭᠯᠡᠭᠦ ᠮᠤᠳᠤᠨ)ᠣᠶᠠᠪᠠᠯ᠂ ᠨᠢᠭᠡᠨ ᠪᠦᠷᠢᠨ ᠴᠤᠭᠴᠠ ᠮᠤᠩᠭ᠋ᠤᠯ ᠳᠡᠷᠭᠡ ᠳᠠᠷᠬᠠᠯᠠᠭᠳᠠᠨ ᠪᠦᠳᠤᠨ᠎ᠡ᠃

ᠮᠤᠩᠭ᠋ᠤᠯᠴᠤᠳ ᠳᠡᠷᠭᠡ ᠭᠢᠭᠦ ᠮᠡᠷᠭᠡᠵᠢᠯ ᠢ ᠭᠡᠳᠤᠨ ᠮᠢᠩᠭ᠋ᠠᠨ ᠵᠢᠯ ᠤᠨ ᠡᠮᠤᠨ᠎ᠡ ᠡᠭᠦᠳᠤᠨ ᠪᠦᠳᠦᠭᠡᠵᠤ ᠳᠡᠯᠭᠡᠷᠡᠭᠦᠯᠦᠭ᠍ᠰᠡᠨ ᠨᠢ᠂ ᠭᠦᠮᠤᠨ ᠳᠦᠷᠤᠯᠭᠢᠳᠠᠨ ᠤ ᠣᠢ᠌ᠯᠠᠳᠪᠣᠷᠢᠯᠠᠯ᠂ ᠰᠤᠶᠤᠯ ᠤᠨ ᠭᠦᠭ᠍ᠵᠢᠯᠳᠡ ᠳᠤ ᠶᠡᠭᠡᠭᠡᠨ ᠠᠭᠢᠭᠤᠯᠬᠤ ᠣᠢ᠌ᠯᠠᠳᠤᠯ ᠥᠵᠡᠭᠦᠯᠦᠭ᠍ᠰᠡᠨ ᠶᠤᠮ᠃ ᠵᠢᠰᠢᠶᠠᠯᠠᠪᠠᠯ᠄ ① ᠳᠤᠭᠠᠨ ᠤ ᠣᠬᠠᠭᠠᠨ ᠤ ᠡᠷᠳᠡᠮᠳᠡᠨ᠂ ᠮᠤᠩᠭ᠋ᠤᠯ ᠳᠡᠷᠭᠡ ᠪᠦᠳᠦᠭᠡᠵᠤ ᠳᠡᠯᠭᠡᠷᠡᠭᠦᠯᠦᠭ᠍ᠰᠡᠨ ᠡᠴᠠ ᠬᠣᠢ᠌ᠰᠢ ᠮᠢᠩᠭ᠎ᠠ ᠭᠠᠷᠤᠢ ᠵᠢᠯ ᠤᠨ ᠳᠠᠷᠠᠭ᠎ᠠ ᠰᠠ‍‌ᠶᠢ ᠳᠤᠭᠤᠷᠢᠭ ᠤᠨ π ᠰᠤᠳᠤᠯᠵᠤ ᠭᠠᠷᠭᠠᠭᠰᠠᠨ ᠶᠤᠮ᠃ ② ᠡᠷᠳᠡᠨ ᠤ ᠪᠠᠢ᠌ᠯᠳᠤᠭᠠᠨ ᠤ ᠳᠡᠷᠭᠡ ᠨᠢ ᠪᠠᠰᠠ ᠮᠤᠩᠭ᠋ᠤᠯ ᠳᠡᠷᠭᠡᠨ ᠤ ᠮᠡᠷᠭᠡᠵᠢᠯ ᠡᠴᠠ ᠰᠤᠷᠤᠭᠰᠠᠨ ᠶᠤᠮ᠃ ③ ᠠᠷᠪᠠᠨ ᠨᠢ᠋ᠮᠠᠳᠤᠭᠠᠷ ᠵᠠᠭᠤᠨ ᠤ ᠦᠶ᠎ᠡ ᠳᠤ ᠧᠦᠷᠦᠫᠡᠴᠦᠳ ᠤᠨ ᠭᠢᠵᠤ ᠪᠦᠳᠦᠭᠡᠭ᠍ᠰᠡᠨ ᠮᠠᠰᠢᠨ ᠳᠡᠷᠭᠡᠨ ᠤ ᠭᠦᠷᠳᠤ ᠶᠢᠨ ᠶᠤᠰᠤ ᠨᠢ ᠮᠦᠨ ᠯᠠ ᠮᠤᠩᠭ᠋ᠤᠯ ᠳᠡᠷᠭᠡᠨ ᠤ ᠭᠦᠷᠳᠤ ᠲᠡᠶ ᠡᠭᠡᠭᠡ ᠠᠳᠠᠯᠢᠪᠳᠤᠷ ᠪᠠᠢ᠌ᠵᠤ᠂ ᠣᠳᠤ ᠦᠶ᠎ᠡ ᠶᠢᠨ ᠮᠠᠰᠢᠨ ᠳᠡᠷᠭᠡᠨ ᠤ ᠭᠦᠷᠳᠤᠨ ᠳᠤ ᠪᠦᠷ 《ᠭᠦᠷᠳᠤᠨ ᠤ ᠨᠡᠭᠡᠷ》 ᠮᠡᠷᠭᠡᠵᠢᠯ ᠢ ᠭᠡᠷᠡᠭᠯᠡᠵᠤ ᠪᠠᠢ᠌ᠨ᠎ᠠ᠃ ④ ᠡᠷᠳᠡᠨ ᠤ ᠮᠤᠩᠭ᠋ᠤᠯᠴᠤᠳ ᠳᠡᠷᠭᠡ ᠭᠢᠭᠦ ᠳᠡᠭᠡᠨ ᠡᠭᠦᠳᠦᠭ᠍ᠰᠡᠨ ᠬᠤᠰᠤᠨ ᠮᠤᠳᠤᠨ ᠤ ᠬᠠᠯᠢᠰᠤ(ᠣᠢ᠌ᠰᠤ) ᠶᠢ ᠰᠢᠳᠠᠭᠠᠨ ᠳᠠᠪᠠᠷᠬᠠᠢ ᠶᠢᠨ ᠳᠤᠰᠤ ᠭᠠᠷᠭᠠᠵᠤ᠂ ᠮᠤᠩᠭ᠋ᠤᠯ ᠳᠡᠷᠭᠡᠨ ᠤ ᠪᠣᠯᠤ ᠪᠣᠯᠤᠨ ᠳᠡᠩᠭᠡᠯᠢᠭ᠌ ᠢ ᠳᠤᠰᠤᠯᠠᠵᠤ ᠭᠤᠯᠭᠤᠭᠤᠯᠬᠤ ᠣᠢ᠌ᠯᠠᠳᠤᠯ ᠭᠠᠷᠭᠠᠬᠤ ᠮᠡᠷᠭᠡᠵᠢᠯ ᠢ ᠣᠳᠤ ᠦᠶ᠎ᠡ ᠶᠢᠨ ᠪᠣᠢ ᠪᠦᠭᠦᠢ ᠮᠠᠰᠢᠨ ᠳᠸᠭ᠍ᠨᠢᠭ᠌ ᠪᠦᠷ ᠭᠡᠷᠡᠭᠯᠡᠵᠤ ᠪᠠᠢ᠌ᠨ᠎ᠠ᠃

ᠬᠡᠳᠦᠢ᠌ᠪᠡᠷ ᠣᠢ᠌ᠯᠠᠳᠪᠣᠷᠢᠯᠠᠯ ᠤᠨ ᠬᠤᠪᠢᠰᠬᠠᠯ ᠡᠴᠠ ᠣᠳᠤ ᠪᠣᠯᠳᠠᠯ᠎ᠠ᠂ ᠭᠦᠮᠤᠨ ᠳᠦᠷᠤᠯᠭᠢᠳᠠᠨ ᠤ ᠵᠠᠮ ᠨᠡᠪᠳᠡᠷᠡᠭᠦᠯᠭᠡ ᠣᠳᠤ ᠶᠢᠨ ᠮᠠᠳᠤ ᠶᠡᠭᠡᠪᠠᠷ ᠭᠦᠭ᠍ᠵᠢᠭ᠍ᠰᠡᠨ ᠦᠭᠡᠶ ᠪᠣᠯᠪᠠᠴᠤ᠂ ᠦᠷᠭᠡᠨ ᠠᠭᠤᠳᠠᠮ ᠮᠤᠩᠭ᠋ᠤᠯ ᠣᠷᠤᠨ ᠤ ᠣᠳᠤᠷᠯᠠᠨ ᠮᠠᠯᠵᠢᠬᠤ ᠠᠮᠢᠳᠤᠷᠠᠯ ᠳᠤ ᠡᠭ᠍ᠴᠡ ᠨᠢᠰᠭᠡᠯ ᠡᠴᠠ ᠣᠠᠳᠤᠤ ᠮᠤᠩᠭ᠋ᠤᠯ ᠳᠡᠷᠭᠡ ᠶᠢ ᠣᠷᠤᠯᠠᠵᠤ ᠴᠢᠳᠠᠬᠤ ᠰᠠᠢ᠌ᠨ ᠵᠠᠮ ᠨᠡᠪᠳᠡᠷᠡᠭᠦᠯᠡᠭᠡ ᠶᠢᠨ ᠪᠠᠭᠠᠵᠢ ᠳᠦᠭᠦᠭᠡᠷᠦᠮᠵᠢ ᠬᠠᠷᠬᠠᠨ ᠭᠠᠷᠴᠤ ᠴᠢᠳᠠᠭ᠎ᠠ ᠦᠭᠡᠶ ᠭᠡᠵᠤ ᠭᠡᠯᠡᠵᠤ ᠪᠣᠯᠬᠤ ᠶᠤᠮ᠃ ᠡᠷᠢᠨ ᠦᠶ᠎ᠡ ᠳᠤ᠂ ᠣᠯᠠᠩᠭᠢ ᠭᠦᠮᠦᠰ ᠮᠠᠰᠢᠨ ᠳᠡᠷᠭᠡ᠂ ᠳᠦᠷᠪᠠᠨ ᠭᠦᠷᠳᠦᠳᠤ ᠭᠠᠷ ᠳᠷᠠᠺᠲ᠋ᠤᠷ ᠢ ᠭᠡᠷᠡᠭᠯᠡᠵᠤ ᠨᠡᠭᠦᠳᠡᠯᠡᠯᠡᠵᠤ ᠪᠠᠢ᠌ᠨ᠎ᠠ᠃ ᠡᠳᠡᠭᠡᠷ ᠨᠢ ᠬᠡᠳᠦᠢ᠌ᠪᠡᠷ ᠵᠠᠮ ᠰᠠᠢ᠌ᠠᠳᠠᠢ ᠭᠠᠵᠠᠷ ᠲᠤ ᠬᠤᠷᠳᠤᠨ᠂ ᠳᠦᠭᠦᠮ ᠪᠣᠯᠪᠠᠴᠤ ᠬᠠᠷᠢᠨ ᠵᠠᠮ ᠪᠠᠷᠤᠭᠳᠠᠢ ᠠᠳᠠᠷ ᠭᠡᠭᠡᠷ᠎ᠡ ᠭᠠᠵᠠᠷ ᠶᠢᠡᠷ ᠶᠠᠪᠣᠬᠤ ᠳᠤ ᠭᠦᠴᠢᠷ ᠲᠡᠶ ᠪᠠᠢ᠌ᠵᠤ᠂ ᠰᠢᠪᠠᠷ ᠨᠠᠮᠤᠭ᠂ ᠴᠠᠰᠤ᠂ ᠡᠯᠡᠰᠤᠨ ᠳᠤ ᠬᠠᠳᠠᠵᠤ᠂ ᠡᠩᠭᠦᠯ ᠳᠤᠩᠬᠤᠯ᠂ ᠬᠠᠳᠠ ᠴᠢᠯᠠᠭᠤ ᠲᠡᠶ ᠭᠠᠵᠠᠷ ᠶᠢᠡᠷ ᠶᠡᠭᠡᠯ᠎ᠡ ᠭᠦᠴᠢᠷᠳᠡᠨ ᠡᠰᠡᠭᠦᠯ᠎ᠡ ᠴᠢᠨᠠᠭᠰᠢ ᠪᠠᠨ ᠶᠠᠪᠣᠵᠤ ᠴᠢᠳᠠᠬᠤ ᠦᠭᠡᠶ ᠪᠣᠯᠳᠠᠭ᠂ ᠭᠤᠤᠯ ᠮᠦᠷᠠᠨ ᠢ ᠭᠠᠳᠤᠯᠵᠤ ᠴᠢᠳᠠᠬᠤ ᠥᠭᠡᠢ(ᠭᠦᠭᠦᠷᠭᠡ ᠭᠡᠷᠡᠭᠯᠡᠭᠦ)᠂ ᠡᠪᠦᠯ ᠳᠡᠭᠡᠨ ᠳᠡᠷᠭᠡᠨ ᠤ ᠭᠦᠮᠦᠷᠭᠡ ᠦᠭᠡᠶ ᠪᠣᠯ ᠨᠤᠴᠤᠭᠠᠵᠤ ᠭᠡᠷᠡᠭᠯᠡᠭᠦ ᠳᠤ ᠳᠦᠭᠦᠮ ᠦᠭᠡᠶ ᠪᠦᠭᠡᠳ ᠪᠦᠭᠦᠢᠯᠡ ᠦᠨ᠎ᠡ ᠦᠷᠳᠡᠭ᠌ ᠨᠢ ᠶᠡᠭᠡ ᠦᠨᠳᠦᠷ ᠪᠠᠢ᠌ᠳᠠᠭ᠃ ᠨᠠᠩ ᠢᠯᠠᠩᠭ᠋ᠤᠶ᠎ᠠ ᠪᠠᠶ᠎ᠠ ᠨᠢ ᠭᠦᠡᠳᠤ ᠪᠣᠯᠬᠤᠷ ᠡᠭᠡ ᠪᠠᠢ᠌ᠭᠠᠯᠢ ᠶᠢ ᠡᠪᠳᠡᠵᠤ ᠪᠠᠢ᠌ᠨ᠎ᠠ᠃

ᠮᠠᠯᠴᠢᠨ ᠭᠦᠮᠤᠨ ᠰᠤᠶᠤᠯ ᠰᠢᠡᠵᠢᠯᠡᠭᠦᠢ ᠣᠬᠠᠭᠠᠨ ᠢ ᠡᠵᠡᠮᠰᠢᠵᠤ᠂ ᠵᠠᠬ᠎ᠠ ᠳᠡᠯᠭᠡᠭᠦᠷ ᠤᠨ ᠳᠠᠸᠠᠷ ᠢ ᠡᠷᠭᠢᠯᠡᠵᠤ ᠰᠤᠷᠬᠤ ᠭᠡᠷᠡᠭ᠍ᠳᠡᠢ᠃ ᠨᠠᠩ ᠴᠤ ᠳᠠᠯ᠎ᠠ ᠨᠤᠳᠤᠭ᠂ ᠣᠩᠭ᠋ᠤᠨ ᠪᠠᠢ᠌ᠭᠠᠯᠢ ᠪᠠᠨ ᠡᠷᠡᠭᠦᠯ ᠪᠦᠳᠤᠨ ᠪᠠᠢ᠌ᠯᠭᠠᠬᠤ ᠭᠡᠷᠡᠭ᠍ᠳᠡᠢ᠃ ᠣᠯᠠᠷᠢᠯ ᠤᠨ ᠰᠠᠢ᠌ᠬᠠᠨ ᠳᠤ ᠣᠳᠤᠷᠯᠠᠨ ᠮᠠᠯᠵᠢᠵᠤ ᠨᠤᠳᠤᠭ ᠪᠠᠯᠴᠢᠭᠡᠷ ᠶᠢᠡᠨ ᠵᠤᠰᠭᠢᠳᠠᠢ ᠠᠰᠢᠭᠯᠠᠵᠤ᠂ ᠣᠯᠠᠷᠢᠯ ᠤᠨ ᠪᠠᠷᠤᠭᠳᠠᠢ ᠳᠤ ᠰᠠᠭᠤᠷᠢᠰᠢᠨ ᠮᠠᠯᠵᠢᠵᠤ ᠮᠠᠯ ᠰᠦᠷᠦᠭ᠌ ᠤᠨ ᠳᠠᠷᠭᠤ ᠭᠦᠴᠤᠨ ᠢ ᠬᠠᠮᠭᠠᠯᠠᠬᠤ ᠶᠢ ᠴᠢᠬᠤᠯᠠᠴᠢᠯᠠᠨ᠂ ᠮᠠᠯ ᠠᠵᠤ ᠠᠬᠤᠢ ᠶᠢᠨ ᠣᠳᠤ ᠦᠶ᠎ᠡ ᠶᠢᠨ ᠳᠡᠭᠡᠳᠤ ᠮᠡᠷᠭᠡᠵᠢᠯ ᠢ ᠡᠭᠦᠳᠴᠤ ᠡᠵᠡᠮᠰᠢᠭᠦ ᠭᠡᠷᠡᠭ᠍ᠳᠡᠢ ᠪᠠᠢ᠌ᠨ᠎ᠠ᠃ ᠡᠳᠡᠭᠡᠷ ᠪᠦᠭᠦᠨ ᠳᠤ ᠮᠠᠨ ᠤ ᠡᠪᠦᠭᠡ ᠳᠡᠭᠡᠳᠦᠰ ᠤᠨ ᠭᠡᠳᠤᠨ ᠮᠢᠩᠭ᠋ᠠᠨ ᠵᠢᠯ ᠤᠨ ᠡᠮᠤᠨ᠎ᠡ ᠡᠭᠦᠳᠴᠤ ᠳᠡᠯᠭᠡᠷᠡᠭᠦᠯᠦᠭ᠍ᠰᠡᠨ ᠮᠤᠩᠭ᠋ᠤᠯ ᠳᠡᠷᠭᠡ ᠪᠠᠨ ᠣᠷᠭᠢᠵᠤ ᠪᠣᠯᠤᠰᠢ ᠦᠭᠡᠶ ᠪᠢᠯᠠ᠃ ᠡᠨᠡ ᠭᠦ ᠬᠤᠪᠣᠷ ᠴᠤᠬᠠᠭ ᠰᠤᠶᠤᠯ ᠤᠨ ᠦᠪ ᠶᠢᠡᠨ ᠬᠠᠳᠠᠭᠠᠯᠠᠨ ᠣᠯᠠᠮᠵᠢᠯᠠᠬᠤ ᠪᠣᠯ ᠪᠢᠳᠠ ᠪᠦᠭᠦᠨ ᠤ ᠳᠠᠷᠬᠠᠨ ᠡᠭᠦᠷᠭᠡ ᠪᠣᠯᠤᠨ᠎ᠠ᠃


ᠲ᠋ᠠᠢ᠌ᠯᠪᠣᠷᠢ᠄ ① 《ᠰᠤᠳᠤᠷ ᠳᠡᠮᠳᠡᠭᠯᠡᠯ》᠃ ② 《ᠭᠠᠠᠵᠤᠤᠷ ᠴᠤᠭᠯᠠᠭᠠᠨ》 ᠬᠤᠸᠠᠰᠠᠢ ᠳᠤᠤᠭᠠᠷᠵᠠᠪ᠃ ③ 《ᠮᠢᠩ ᠣᠯᠤᠰ ᠤᠨ ᠢᠩᠽᠤᠩ ᠬᠠᠭᠠᠨ ᠤ ᠦᠨᠡᠨ ᠮᠠᠭᠠᠤᠨ ᠬᠠᠤᠯᠢ》᠃ ④ 《ᠳᠡᠷᠭᠡᠨ ᠤ ᠭᠦᠷᠳᠤ ᠶᠢᠨ ᠨᠠᠭᠠᠷ》 ᠥᠭᠡᠯᠡᠳ ᠭᠡᠯᠡᠯᠭᠡ᠃ ⑤ 《ᠭᠦᠡᠵᠸᠤ ᠳᠤᠤ ᠊᠊᠊᠊᠊᠊᠊᠊᠊᠊᠊᠊᠊᠊᠊ 滚珠套 》 ᠭᠢᠳᠠᠤᠨ ᠨᠠᠷ᠎ᠠ᠃

* ᠳᠡᠭᠡᠷᠡᠭᠢ ᠥᠭᠦᠯᠡᠯᠭᠡ 《ᠦᠣᠷ ᠤᠨ ᠴᠤᠯᠮᠤᠨ》᠂ 《ᠤᠢ᠌ᠷᠠᠤᠨ ᠤᠨ ᠰᠤᠳᠤᠯᠤᠯ》 ᠵᠡᠷᠭᠡ ᠣᠯᠤᠰ ᠤᠨ ᠳᠤᠳᠤᠭᠠᠳᠤ ᠭᠠᠳᠠᠭᠠᠳᠤ ᠳᠤ ᠳᠠᠷᠬᠠᠭᠳᠠᠬᠤ ᠰᠤᠨᠢᠨ ᠰᠡᠳᠭᠦᠯ ᠳᠡᠭᠡᠷ᠎ᠡ ᠨᠡᠢ᠌ᠳᠡᠯᠡᠭ᠍ᠳᠡᠵᠤ ᠥᠩᠭᠡᠷᠡᠪᠡ᠃

ᠳᠤᠰ ᠵᠤᠬᠢᠶᠠᠯ ᠤᠨ ᠨᠠᠢ᠌ᠷᠠᠭᠤᠯᠤᠭᠴᠢ ᠰᠡᠭᠡᠭᠡᠳᠡᠨ ᠪᠠᠢ᠌ᠬᠤ ᠳᠠᠭᠠᠨ ᠪᠠᠷᠢᠭᠠᠳ᠋ ᠤᠨ ᠮᠤᠩᠭ᠋ᠤᠯ ᠳᠡᠷᠭᠡᠨ ᠤ ᠳᠠᠷᠬᠠᠨ ᠪᠠᠢ᠌ᠪᠠ᠃ ᠳᠡᠭᠦᠨ ᠤ ᠪᠠᠭᠰᠢ ᠨᠢ ᠮᠤᠩᠭ᠋ᠤᠯ ᠳᠡᠷᠭᠡᠨ ᠤ ᠨᠠᠷᠠᠳᠤ ᠳᠠᠷᠬᠠᠨ ᠥᠭᠡᠯᠡᠳ ᠮᠤᠩᠭ᠋ᠤᠯ ᠤᠨ ᠪᠣᠷᠤᠯᠳᠠᠢ᠂ ᠡᠷᠳᠡᠨᠢᠰᠦᠭᠦᠷ ᠵᠡᠷᠭᠡ ᠶᠢᠨ ᠨᠠᠰᠤᠳᠠᠨ ᠪᠠᠢ᠌ᠪᠠ᠃


ᠧᠡᠩᠭᠢ ᠬᠤᠰᠢᠭᠤᠨ ᠪᠠᠶᠠᠠᠳᠤᠬᠤᠢ ᠪᠠᠯᠭᠠᠰᠤᠨ ᠳᠤ ᠳᠠᠭᠢᠨ ᠵᠠᠰᠠᠨ ᠨᠠᠢ᠌ᠷᠠᠭᠤᠯᠪᠠ

2008᠂ 05᠂ 10 ᠊ᠨ᠎ᠠ



ᠵᠤᠬᠢᠶᠠᠭᠴᠢ ᠶᠢᠨ ᠬᠠᠶ‍ᠢᠭ᠄ ᠧᠡᠩᠭᠢ ᠬᠤᠰᠢᠭᠤᠨ ᠤ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7486
ᠴᠠᠭ᠄ 2010 ᠤᠨ ᠤ 06 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ