☆ ᠡᠷᠳᠡᠨᠢᠪᠠᠭᠠᠨ᠎ᠠ
ᠡᠭᠡ ᠭᠡᠯᠡᠨ ᠤ ᠮᠢᠨᠢ ᠮᠡᠷᠭᠡᠨ ᠰᠢᠪᠠᠭᠤᠬᠠᠢ ᠬᠠᠮᠢᠭᠠᠰᠢ ᠨᠢᠰᠤᠨᠠᠮ ᠪᠢᠯᠠ
ᠭᠦᠭᠡ ᠳᠡᠭ᠍ᠷᠢ ᠶᠢᠨ ᠨᠠᠷᠠᠨ ᠲᠡᠶ ᠴᠠᠭᠠᠴᠢᠯᠠᠭᠴᠢ ᠰᠢᠪᠠᠭᠤᠬᠠᠢ
ᠭᠦᠰᠡᠯ ᠰᠡᠳᠭᠢᠯ ᠤᠨ ᠣᠶᠠᠩᠭ᠋ᠠᠨ ᠨᠢᠳᠤᠳᠠᠢ ᠰᠢᠪᠠᠭᠤᠬᠠᠢ
ᠭᠦᠢ ᠨᠢ ᠳᠡᠭ᠍ᠷᠢ ᠶᠢᠨ ᠰᠠᠯᠭᠢᠨ ᠲᠡᠶ ᠵᠤᠷᠢᠮᠠᠭ ᠰᠢᠪᠠᠭᠤᠬᠠᠢ
ᠭᠦᠪᠭᠡᠯᠵᠡᠨ ᠳᠡᠪᠳᠡᠷᠢᠭᠦ ᠳᠤ ᠪᠠᠨ ᠵᠡᠭᠦᠳᠤᠨ ᠳᠤ ᠴᠤ ᠢᠷᠡᠳᠡᠭ᠌ ᠰᠢᠪᠠᠭᠤᠬᠠᠢ
ᠡᠭᠡ ᠭᠡᠯᠡᠨ ᠤ ᠮᠡᠷᠭᠡᠨ ᠰᠢᠪᠠᠭᠤᠬᠠᠢ ᠬᠠᠮᠢᠭᠠᠰᠢ ᠨᠢᠰᠤᠨᠠᠮ ᠪᠢᠯᠠ
ᠨᠤᠭᠤᠭᠠᠨ ᠳᠠᠯ᠎ᠠ ᠶᠢᠨ ᠨᠠᠢ᠌ᠭᠤᠭᠠᠨ ᠲᠡᠶ ᠡᠶ᠎ᠡ ᠲᠡᠶ ᠰᠢᠪᠠᠭᠤᠬᠠᠢ
ᠨᠤᠮᠤᠬᠠᠨ ᠵᠢᠷᠭᠢᠶᠠᠨ ᠤ ᠪᠢᠯᠢᠭ᠌ ᠲᠡᠶ ᠠᠶ᠎ᠠ ᠲᠡᠶ ᠰᠢᠪᠠᠭᠤᠬᠠᠢ
ᠨᠠᠢ᠌ᠷᠠᠭ ᠤᠨ ᠳᠠᠪᠠᠯᠭᠠᠨ ᠤ ᠭᠤᠤᠯ ᠲᠡᠶ ᠰᠠᠭᠢᠭᠤᠰᠤ ᠲᠡᠶ ᠰᠢᠪᠠᠭᠤᠬᠠᠢ
ᠨᠢᠯᠴᠢᠭᠢᠨᠡᠭ᠍ᠰᠡᠨ ᠦᠳᠦ ᠪᠠᠷ ᠶᠢᠡᠨ ᠴᠢᠰᠤ ᠳᠤ ᠪᠠᠨ ᠬᠠᠢ᠌ᠷᠠᠳᠠᠢ ᠰᠢᠪᠠᠭᠤᠬᠠᠢ
ᠡᠭᠡ ᠭᠡᠯᠡᠨ ᠤ ᠮᠡᠷᠭᠡᠨ ᠰᠢᠪᠠᠭᠤᠬᠠᠢ ᠬᠠᠮᠢᠭᠠᠰᠢ ᠨᠢᠰᠤᠨᠠᠮ ᠪᠢᠯᠠ
ᠣᠯᠠᠷᠢᠯ ᠪᠦᠭᠦᠨ ᠢ ᠬᠠᠷᠠᠭᠠᠨ ᠳᠤ ᠪᠠᠨ ᠰᠢᠩᠭᠡᠭᠡᠭ᠍ᠰᠡᠨ ᠦᠯᠴᠢᠷ ᠰᠢᠪᠠᠭᠤᠬᠠᠢ
ᠣᠴᠠᠷᠠᠯ ᠪᠣᠯᠭᠠᠨ ᠶᠢᠡᠨ ᠳᠠᠯᠠᠪᠴᠢ ᠪᠠᠷ ᠶᠢᠡᠨ ᠳᠠᠭᠤᠯᠠᠳᠠᠭ ᠨᠠᠷᠮᠠᠢ ᠰᠢᠪᠠᠭᠤᠬᠠᠢ
ᠣᠬᠠᠭᠠᠷᠠᠯ ᠶᠢᠡᠨ ᠳᠡᠭ᠍ᠷᠢ ᠳᠤ ᠪᠠᠨ ᠨᠢᠭᠤᠴᠠᠬᠠᠢ᠌ᠯᠠᠳᠠᠭ ᠳᠠᠮᠢᠷᠯᠢᠭ ᠰᠢᠪᠠᠭᠤᠬᠠᠢ
ᠣᠴᠢᠷ ᠪᠣᠯᠭᠠᠨ ᠳᠤ ᠪᠠᠨ ᠡᠷᠭᠡ ᠴᠢᠯᠦᠭᠡ ᠵᠢᠷᠤᠭᠰᠠᠨ ᠡᠷᠡᠮᠡᠭᠡᠢ ᠰᠢᠪᠠᠭᠤᠬᠠᠢ
ᠡᠭᠡ ᠭᠡᠯᠡᠨ ᠤ ᠮᠡᠷᠭᠡᠨ ᠰᠢᠪᠠᠭᠤᠬᠠᠢ ᠬᠠᠮᠢᠭᠠᠰᠢ ᠨᠢᠰᠤᠨᠠᠮ ᠪᠢᠯᠠ
ᠡᠭᠡ ᠭᠠᠵᠠᠷ ᠤᠨ ᠡᠯᠢᠭᠡᠨ ᠳᠤ ᠴᠢᠮᠦᠭᠡ ᠪᠠᠷ ᠶᠢᠡᠨ ᠰᠢᠯᠦᠭ᠌ ᠳᠦᠷᠤᠨ ᠳᠦᠷᠦᠳᠡᠭ᠌ ᠠᠭᠤᠤᠴᠢ ᠰᠢᠪᠠᠭᠤᠬᠠᠢ
ᠡᠩᠭᠡ ᠶᠢᠨ ᠴᠡᠭ᠍ᠭᠡᠷ ᠮᠠᠠᠳᠠᠯ ᠳᠤ ᠠᠮᠢᠰᠬᠤᠭ᠎ᠠ ᠪᠠᠷ ᠶᠢᠡᠨ ᠰᠣᠢ᠌ᠯᠠᠭᠢᠯᠠᠨ ᠰᠥᠢᠯᠡᠭᠢᠯᠡ᠊ᠨᠳᠡᠭ᠌ ᠣᠷᠠᠯᠢᠭᠴᠢ ᠰᠢᠪᠠᠭᠤᠬᠠᠢ
ᠠᠭᠤᠯᠠᠰ ᠤᠨ ᠭᠦᠨ ᠪᠠᠷᠳᠠᠭ᠎ᠠ ᠳᠤ ᠨᠠᠪᠴᠢᠨ ᠨᠠᠪᠴᠢᠨ ᠳᠤᠭᠳᠤᠯᠳᠠᠭ ᠵᠡᠭᠦᠳᠤᠨ ᠰᠢᠪᠠᠭᠤᠬᠠᠢ
ᠣᠢ ᠶᠢᠨ ᠠᠭᠯᠠᠭ ᠰᠠᠯᠠᠭᠠᠨ ᠳᠤ ᠰᠦᠯᠵᠢᠨ ᠰᠦᠯᠵᠢᠨ ᠠᠮᠢᠠᠴᠢᠷᠬᠠᠳᠠᠭ ᠮᠤᠩᠭ᠋ᠤᠯ ᠰᠢᠪᠠᠭᠤᠬᠠᠢ
ᠡᠭᠡ ᠭᠡᠯᠡᠨ ᠤ ᠮᠡᠷᠭᠡᠨ ᠰᠢᠪᠠᠭᠤᠬᠠᠢ ᠬᠠᠮᠢᠭᠠᠰᠢ ᠨᠢᠰᠤᠨᠠᠮ ᠪᠢᠯᠠ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12636
ᠴᠠᠭ᠄ 2012 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ