ᠨᠡᠪᠲᠡᠷᠡᠨ ᠤᠷᠤᠬᠤ
ᠬᠠᠢ᠌ᠷ᠎ᠠ ᠶᠢᠨ ᠳᠤᠯᠤᠭᠠᠨ ᠨᠤᠲ᠋

ᠠᠴᠢ ᠶᠢᠨ ᠳᠠᠯᠠᠢ


ᠰᠤᠶᠤᠯ ᠤᠨ ᠡᠭᠦᠳᠡ ᠪᠠᠷ ᠣᠷᠮ᠎ᠠ ᠲᠡᠶ ᠠᠯᠬᠤᠬᠤ

ᠳᠠᠪᠢᠯᠠᠩ ᠦᠭᠡᠶ ᠶᠠᠪᠣᠵᠠᠢ ᠠᠪᠣ ᠮᠢᠨᠢ

ᠰᠤᠳᠤᠷ ᠳᠡᠮᠳᠡᠭᠯᠡᠯ ᠳᠤ ᠳᠤᠷᠠᠢ᠌ᠳᠠᠯ᠎ᠠ ᠪᠢᠴᠢᠭᠦ

ᠨᠠᠷ᠎ᠠ ᠦᠭᠡᠶ ᠶᠠᠪᠣᠵᠠᠢ ᠠᠪᠣ ᠮᠢᠨᠢ

ᠳᠠᠪᠤᠨ ᠬᠡᠦᠭᠡᠳ ᠶᠢᠡᠨ ᠭᠦᠮᠤᠨ ᠪᠣᠯᠭᠠᠵᠤ

ᠦᠷᠢ ᠦᠭᠡᠶ ᠶᠠᠪᠣᠵᠠᠢ ᠠᠪᠣ ᠮᠢᠨᠢ


ᠬᠠᠢ᠌ᠷ᠎ᠠ ᠶᠢᠨ ᠬᠤᠷᠸ᠎ᠠ


ᠬᠠᠳᠠᠮ ᠡᠵᠢ ᠰᠠᠭᠤᠵᠠᠢ ᠭᠡᠳ

ᠪᠠᠶᠠᠷᠯᠠᠵᠤ ᠪᠠᠢ᠌ᠭᠰᠠᠨ ᠴᠢᠨᠢ ᠪᠣᠳᠤᠭᠳᠠᠨ᠎ᠠ

ᠬᠠᠯᠠ ᠲᠡᠶ ᠭᠦᠢᠳᠡᠨ ᠴᠢᠷᠠᠢ ᠬᠠᠷᠠᠵᠤ

ᠭᠤᠳᠤᠷᠴᠤ ᠪᠠᠢ᠌ᠭᠰᠠᠨ ᠴᠢᠨᠢ ᠰᠠᠨᠠᠭᠳᠠᠨ᠎ᠠ

ᠣᠮᠪᠣᠯᠤ ᠮᠢᠨᠢ ᠭᠡᠵᠤ ᠥᠭᠦᠭᠡᠷᠳᠦᠭᠡᠳ

ᠰᠠᠭᠠᠳᠠᠭᠤᠯᠵᠤ ᠪᠠᠢ᠌ᠭᠰᠠᠨ ᠴᠢᠨᠢ ᠪᠣᠳᠤᠭᠳᠠᠨ᠎ᠠ

ᠣᠯᠠᠨ ᠤ ᠳᠤᠮᠳᠠ ᠪᠠᠨ ᠣᠷᠣᠢ᠌ᠯᠠ ᠭᠡᠵᠤ

ᠢᠷᠦᠭᠡᠵᠤ ᠪᠠᠢ᠌ᠭᠰᠠᠨ ᠴᠢᠨᠢ ᠰᠠᠨᠠᠭᠳᠠᠨ᠎ᠠ

ᠭᠦᠢᠳᠡᠨ ᠢ ᠬᠠᠯᠠᠭᠤᠨ ᠶᠢᠡᠷ ᠰᠤᠯᠢᠵᠤ ᠴᠢᠳᠠᠭᠰᠠᠨ ᠦᠭᠡᠶ

ᠦᠷᠢ ᠲᠡᠶ ᠶᠠᠪᠣᠯ᠎ᠠ ᠬᠡᠦᠭᠡᠨ ᠴᠢᠨᠢ

ᠳᠡᠭ᠍ᠷᠢ ᠪᠣᠯᠤᠭᠰᠠᠨ ᠡᠵᠢ ᠮᠢᠨᠢ ᠡ


ᠬᠠᠨᠢ ᠶᠢᠨ ᠳᠡᠭ᠍ᠷᠢ


ᠠᠵᠢᠯ ᠶᠢᠡᠨ ᠠᠯᠳᠠᠭᠰᠠᠨ ᠴᠤ ᠴᠢ ᠮᠢᠨᠢ

ᠠᠷᠤ ᠭᠡᠷ ᠤᠨ ᠶᠢᠡᠨ ᠳᠦᠰᠢᠭ᠌

ᠣᠷᠣᠢ᠌ᠳᠠᠵᠤ ᠪᠣᠰᠤᠭᠰᠠᠨ ᠠᠮᠢᠳᠤᠷᠠᠯ ᠤᠨ ᠶᠢᠡᠨ

ᠠᠰᠢᠳᠠ ᠶᠢᠨ ᠠᠯᠳᠠᠨ ᠪᠠᠭᠠᠨ᠎ᠠ

ᠠᠮᠠᠷᠠᠭ ᠬᠠᠷ᠎ᠠ ᠨᠢᠳᠤᠨ ᠤ ᠪᠠᠨ

ᠰᠡᠳᠭᠢᠯ ᠤᠨ ᠭᠡᠭᠡᠭᠡᠨ ᠴᠤᠩᠬᠤ

ᠠᠯᠢᠶ᠎ᠠ ᠳᠡᠭ᠍ᠵᠢᠨ ᠬᠡᠦᠭᠡᠨ ᠤ ᠪᠠᠨ

ᠠᠶᠠᠨ ᠤ ᠭᠢᠨᠢ ᠭᠡᠷᠡᠯᠳᠤ ᠴᠠᠮᠬᠠᠭ


ᠭᠦᠭᠡᠷᠦᠭᠦᠨ ᠡᠷᠪᠠᠢ ᠮᠢᠨᠤ


ᠰᠤᠷᠠᠭ ᠵᠠᠩᠭᠢᠴᠢᠯᠠᠭᠰᠠᠨ ᠰᠢᠨ᠎ᠠ ᠨᠡᠢ᠌ᠭᠡᠮ ᠳᠤ

ᠰᠤᠷᠬᠤ ᠶᠢᠨ ᠰᠠᠢ᠌ᠬᠠᠨ ᠭᠦᠰᠡᠯ ᠡᠪᠦᠷᠯᠡᠨ

ᠰᠤᠳᠤᠨ ᠮᠤᠩᠭ᠋ᠤᠯ ᠡᠭᠡ ᠭᠡᠯᠡ ᠪᠠᠷ ᠶᠢᠡᠨ

ᠰᠤᠶᠤᠯ ᠰᠤᠷᠢᠭ᠎ᠠ ᠡᠷᠪᠠᠢ ᠮᠢᠨᠤ

ᠥᠣᠷ ᠰᠦᠨᠢ ᠶᠢᠨ ᠵᠡᠭᠦᠳᠤ ᠮᠢᠨᠢ ᠪᠢᠯᠠ

ᠡᠭᠦᠷᠢᠳᠡ ᠶᠢᠨ ᠨᠢᠭᠡᠨ ᠣᠮᠤᠭᠰᠢᠯ ᠮᠢᠨᠢ ᠪᠢᠯᠠ


ᠰᠢᠳᠦᠭᠡᠨ


ᠡᠨᠡᠭᠡᠨ ᠳᠡᠯᠡᠭᠡᠢ ᠳᠡᠭᠡᠨ ᠢᠷᠡᠮᠡᠭ᠍ᠴᠡ ᠪᠢ

ᠥᠰᠦᠭ᠌ ᠤᠨ ᠠᠬᠠᠮᠠᠤᠨ ᠶᠢᠡᠨ ᠪᠠᠷᠭᠢᠷᠠᠴᠢᠬᠠᠭᠰᠠᠨ ᠶᠤᠮ

ᠭᠡᠯᠡ ᠪᠠᠨ ᠡᠭᠢᠯᠡᠨ ᠪᠣᠯᠪᠠᠰᠤᠷᠠᠮᠠᠭᠴᠠ

ᠮᠤᠩᠭ᠋ᠤᠯ ᠶᠢᠡᠷ ᠶᠢᠡᠨ ᠭᠤᠶᠤᠴᠢᠬᠠᠭᠰᠠᠨ ᠶᠤᠮ

ᠨᠢᠭᠤᠴᠠ ᠳᠤᠪᠴᠢᠶᠠᠨ ᠶᠢᠡᠷ ᠡᠳᠦᠷᠵᠢᠨ ᠳᠤᠭᠤᠷᠢᠵᠤ

ᠭᠦᠭᠡ ᠰᠤᠳᠤᠷ ᠶᠢᠡᠨ ᠰᠦᠨᠢᠵᠢᠨ ᠮᠠᠨᠠᠯ᠎ᠠ


ᠳᠦᠰᠢᠭ᠌


ᠭᠤᠪᠠᠢ᠌ᠬᠠᠨ ᠪᠢᠷ ᠶᠢᠡᠨ ᠪᠠᠷᠢᠭᠠᠤᠨ ᠪᠢ

ᠭᠤᠶᠤ ᠥᠰᠦᠭ᠌ ᠶᠢᠡᠨ ᠳᠠᠳᠠᠯᠠᠨ᠎ᠠ

ᠪᠢᠷ ᠨᠠᠮ᠎ᠠ ᠶᠢ ᠭᠤᠯᠤᠬᠤ ᠦᠭᠡᠶ ᠪᠣᠯ

ᠳᠡᠭᠦᠨ ᠶᠢᠡᠨ ᠪᠢ ᠭᠤᠮᠤᠳᠠᠭᠠᠬᠤ ᠦᠭᠡᠶ


ᠨᠠᠢ᠌ᠷᠠᠭ ᠰᠢᠯᠦᠭ᠌


ᠠᠷᠪᠠᠨ ᠳᠠᠪᠤᠨ ᠤ ᠳᠡᠷᠭᠡᠯᠭᠡᠨ ᠰᠠᠷᠠᠨ

ᠠᠮᠢᠳᠤᠷᠠᠯ ᠠᠶᠠᠨ ᠤ ᠭᠡᠭᠡᠭᠡᠨ ᠵᠤᠯᠠᠨ

ᠳᠤᠭᠤᠰᠤᠳᠠᠵᠤ ᠪᠣᠵᠠᠷᠳᠤᠭ᠎ᠠ ᠦᠭᠡᠶ ᠴᠡᠯᠮᠡᠭ᠍‍ᠭᠡᠨ ᠠᠭᠠᠷ

ᠳᠤᠭᠤᠭᠳᠠᠵᠤ ᠬᠠᠢ᠌ᠷᠠᠯᠠᠭᠳᠠᠬᠤ ᠭᠤᠪᠠᠢ᠌ᠩᠬᠠᠨ ᠬᠡᠦᠭᠡᠨ


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2009 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ