☆ ᠭᠦᠭᠡᠠᠭᠤᠯᠠ
ᠰᠠᠢ᠌ᠬᠠᠨ ᠪᠦᠰᠡᠭᠦᠢ ᠪᠣᠶᠤ ᠰᠠᠢ᠌ᠨ ᠪᠦᠰᠡᠭᠦᠢ
ᠰᠠᠢ᠌ᠬᠠᠨ ᠵᠢᠰᠤ ᠲᠡᠶ ᠪᠦᠰᠡᠭᠦᠢ ᠪᠦᠭᠦᠨ
ᠰᠠᠢ᠌ᠨ ᠪᠦᠰᠡᠭᠦᠢ ᠪᠠᠢ᠌ᠳᠠᠭ ᠴᠤ ᠪᠢᠰᠢ
ᠰᠠᠢ᠌ᠨ ᠰᠡᠳᠭᠢᠯ ᠲᠡᠶ ᠪᠦᠰᠡᠭᠦᠢ ᠪᠦᠭᠦᠨ
ᠰᠠᠢ᠌ᠬᠠᠨ ᠵᠢᠰᠤ ᠲᠡᠶ ᠵᠠᠶᠠᠭᠠᠳᠠᠭ ᠴᠤ ᠪᠢᠰᠢ
ᠰᠠᠨᠠᠭ᠎ᠠ ᠳᠦᠭᠦᠷᠡᠩ ᠨᠠᠷᠠ ᠶᠢ
ᠰᠠᠢ᠌ᠬᠠᠨ ᠪᠦᠰᠡᠭᠦᠢ ᠵᠢᠷᠤᠳᠠᠭ ᠶᠤᠮ
ᠰᠠᠠᠰᠠᠷ ᠳᠦᠭᠦᠷᠡᠩ ᠣᠳᠤᠳ ᠢ
ᠰᠠᠢ᠌ᠨ ᠪᠦᠰᠡᠭᠦᠢ ᠱᠠᠭᠯᠠᠳᠠᠭ ᠶᠤᠮ
ᠵᠢᠰᠤ ᠭᠤᠶᠤ ᠳᠦᠷᠦᠭ᠍ᠰᠡᠨ ᠳᠡᠭᠡᠨ
ᠵᠢᠷᠦᠭᠡ ᠵᠦᠰᠤᠵᠤ ᠪᠢᠳᠡᠭᠡᠢ ᠢᠷᠯᠠ
ᠴᠢᠷᠠᠢ ᠮᠠᠭᠤᠬᠠᠢ ᠵᠠᠶᠠᠭᠠᠯ᠎ᠠ ᠭᠡᠵᠤ
ᠴᠢᠳᠠᠯ ᠣᠬᠠᠭᠠᠨ ᠶᠢᠡᠨ ᠪᠢᠳᠡᠭᠡᠢ ᠮᠤᠬᠤᠷᠯᠠ
ᠵᠢᠰᠤᠨ ᠤ ᠰᠠᠢ᠌ᠬᠠᠨ ᠳᠤ
ᠳᠠᠷᠢᠶ᠎ᠠ ᠣᠷᠭᠤᠳᠠᠭ ᠦᠭᠡᠶ
ᠵᠢᠷᠦᠭᠡᠨ ᠤ ᠰᠠᠢ᠌ᠨ ᠳᠤ
ᠬᠠᠢ᠌ᠷ᠎ᠠ ᠣᠷᠭᠤᠳᠠᠭ
ᠰᠠᠷᠠᠭᠤᠯ ᠠᠭᠤᠳᠠᠮ ᠦᠷᠦᠭᠡ ᠳᠤ
ᠰᠠᠢ᠌ᠬᠠᠨ ᠪᠦᠰᠡᠭᠦᠢ ᠵᠢᠷᠤᠭ
ᠰᠠᠨᠠᠯ ᠬᠠᠢ᠌ᠷ᠎ᠠ ᠶᠢᠨ ᠬᠠᠷᠭᠤᠢ ᠳᠤ
ᠰᠠᠢ᠌ᠨ ᠪᠦᠰᠡᠭᠦᠢ ᠵᠤᠯᠠ
ᠰᠠᠢ᠌ᠬᠠᠨ ᠵᠢᠰᠤ ᠲᠡᠶ ᠪᠦᠰᠡᠭᠦᠢ ᠴᠢ
ᠬᠤᠪᠴᠠᠰᠤ ᠰᠤᠩᠭ᠋ᠤᠬᠤ ᠭᠡᠷᠡᠭ᠌ ᠦᠭᠡᠶ
ᠰᠠᠢ᠌ᠨ ᠰᠡᠳᠭᠢᠯ ᠲᠡᠶ ᠪᠦᠰᠡᠭᠦᠢ ᠴᠢ
ᠵᠢᠰᠤ ᠪᠠᠨ ᠭᠤᠶᠤᠯᠠᠬᠤ ᠴᠢᠬᠤᠯᠠ ᠦᠭᠡᠶ
ᠵᠤᠬᠢᠶᠠᠭᠴᠢ ᠶᠢᠨ ᠬᠠᠶᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠭᠦᠭᠡᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 06 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ