☆ ᠨᠠᠮᠵᠢᠯ ᠤᠨ ᠮᠥᠩᠭᠡᠪᠠᠶᠡᠷ
ᠡᠵᠢ ᠳᠡᠭᠡᠨ ᠣᠴᠢᠬᠤ ᠰᠠᠢ᠌ᠬᠠᠨ
ᠭᠦᠡᠳᠡᠯᠡᠨ ᠬᠤᠯᠠ ᠶᠢᠨ ᠭᠠᠵᠠᠷ ᠡᠴᠡ
ᠭᠦᠷᠦᠭᠡᠳ ᠣᠴᠢᠨ᠎ᠠ ᠡᠵᠢ ᠳ᠋ᠡᠭᠡᠨ
ᠭᠦᠨᠦᠭ᠌ ᠲᠡᠶ ᠰᠦ᠋ ᠡᠴᠡ ᠨᠢ ᠠᠮᠰᠠᠵᠤ
ᠭᠦᠳᠡᠭᠡ ᠶᠢᠨ ᠵᠢᠷᠭᠠᠯ ᠳᠠᠭᠠᠨ ᠪᠣᠴᠠᠶ᠎ᠠ
ᠡᠵᠢ ᠳᠡᠭᠡᠨ ᠣᠴᠢᠬᠤ ᠰᠠᠢ᠌ᠬᠠᠨ
ᠡᠯᠢᠭᠡᠨ ᠳᠤ ᠨᠢ ᠨᠠᠭᠠᠯᠳᠤᠵᠤ ᠨᠢᠯᠬᠠᠷᠠᠬᠤ ᠰᠠᠢ᠌ᠬᠠᠨ
ᠠᠯᠤᠰ ᠬᠤᠯᠠ ᠶᠢᠨ ᠭᠠᠵᠠᠷ ᠡᠴᠡ
ᠡᠷᠭᠢᠭᠡᠳ ᠣᠴᠢᠨ᠎ᠠ ᠡᠵᠢ ᠳ᠋ᠡᠭᠡᠨ
ᠠᠭᠠᠭ ᠲᠡᠶ ᠴᠠᠢ ᠡᠴᠡ ᠨᠢ ᠣᠭᠤᠴᠢᠯᠠᠨ
ᠠᠷᠠᠤᠨ ᠤᠨ ᠪᠠᠶᠠᠰᠤᠯ ᠳᠠᠭᠠᠨ ᠪᠣᠴᠠᠶ᠎ᠠ
ᠡᠵᠢ ᠳᠡᠭᠡᠨ ᠣᠴᠢᠬᠤ ᠰᠠᠢ᠌ᠬᠠᠨ
ᠦᠷᠦᠴᠠᠨ ᠤ ᠵᠤᠭᠤᠭ ᠶᠢᠡᠨ ᠳᠡᠯᠭᠡᠭᠦ ᠰᠠᠢ᠌ᠬᠠᠨ
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3885
ᠴᠠᠭ᠄ 2009 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ