ᠨᠡᠪᠲᠡᠷᠡᠨ ᠤᠷᠤᠬᠤ
ᠪᠠᠭᠰᠢ ᠶᠢᠨ ᠥᠭᠦᠯᠡᠯ ᠳᠦᠴᠢᠨ ᠳᠦᠷᠪᠡᠨ ᠮᠦᠷ

ᠨᠠᠷᠠᠯᠠᠭ ᠬᠤᠷᠸ᠎ᠠ ᠳᠤ ᠨᠠᠷ᠎ᠠ ᠲᠡᠶ ᠴᠤᠤᠳᠠᠢ ᠪᠠᠭᠰᠢ ᠭᠦᠮᠤᠨ

ᠨᠠᠰᠤᠨ ᠤ ᠵᠠᠮ ᠳᠠᠭᠠᠨ ᠡᠪᠠᠷᠰᠢᠶᠡᠯ ᠵᠦᠳᠡᠷᠡᠯᠳᠠᠢ ᠪᠠᠭᠰᠢ ᠭᠦᠮᠤᠨ

ᠨᠠᠳᠠ ᠲᠡᠶ ᠴᠢᠮ᠎ᠠ ᠲᠡᠶ ᠣᠯᠠᠨ ᠰᠤᠷᠤᠭᠴᠢ ᠲᠡᠶ ᠪᠠᠭᠰᠢ ᠭᠦᠮᠤᠨ

ᠨᠠᠠᠳᠢᠨ ᠬᠠᠢ᠌ᠷ᠎ᠠ ᠳᠠᠭᠠᠨ ᠬᠠᠷᠠᠮ ᠦᠭᠡᠶ ᠪᠠᠭᠰᠢ ᠭᠦᠮᠤᠨ

ᠡᠴᠢᠭᠡ ᠭᠦᠮᠤᠨ ᠰᠢᠭ᠌ ᠬᠠᠳᠠᠭᠤ ᠭᠤᠷᠢᠮ ᠲᠡᠶ ᠪᠠᠭᠰᠢ ᠭᠦᠮᠤᠨ

ᠡᠵᠢ ᠭᠦᠮᠤᠨ ᠰᠢᠭ᠌ ᠥᠭ᠍‍ᠭᠢᠶᠡᠮᠦᠷ ᠰᠠᠤᠠᠭᠢᠯ ᠲᠡᠶ ᠪᠠᠭᠰᠢ ᠭᠦᠮᠤᠨ

ᠡᠩᠭᠦᠷᠡᠢ ᠰᠤᠷᠤᠭᠴᠢ ᠳᠠᠭᠠᠨ ᠡᠴᠢᠨ᠎ᠡ ᠰᠠᠨᠠᠯ ᠲᠡᠶ ᠪᠠᠭᠰᠢ ᠭᠦᠮᠤᠨ

ᠡᠷᠦᠭᠡ ᠭᠡᠷ ᠲᠡᠭᠡᠨ ᠦᠷᠢ ᠳᠦᠯᠦᠭᠡᠰᠤ ᠲᠡᠶ ᠪᠠᠭᠰᠢ ᠭᠦᠮᠤᠨ

ᠠᠵᠢᠯᠴᠢ ᠰᠢᠷᠭᠠᠭᠤ ᠴᠡᠴᠡᠷᠯᠢᠭ᠍ᠴᠢ ᠴᠤᠯᠠ ᠲᠡᠶ ᠪᠠᠭᠰᠢ ᠭᠦᠮᠤᠨ

ᠠᠷᠠᠯ ᠤᠨ ᠱᠠᠷ ᠮᠠᠳᠤ ᠨᠤᠳᠤᠭ ᠡᠯᠡᠭᠡᠳᠡᠭ᠌ ᠪᠠᠭᠰᠢ ᠭᠦᠮᠤᠨ

ᠠᠳᠤᠭᠤᠴᠢᠨ ᠡᠷ᠎ᠡ ᠰᠢᠭ᠌ ᠣᠷᠳᠤ ᠶᠢᠨ ᠳᠠᠭᠤᠤ ᠲᠡᠶ ᠪᠠᠭᠰᠢ ᠭᠦᠮᠤᠨ

ᠠᠯᠳᠠ ᠳᠠᠪᠴᠠᠩ ᠲᠡᠶ ᠨᠠᠰᠤ ᠪᠠᠷ ᠶᠢᠡᠨ ᠨᠠᠢ᠌ᠵᠠᠯᠠᠳᠠᠭ ᠪᠠᠭᠰᠢ ᠭᠦᠮᠤᠨ

ᠨᠠᠷ᠎ᠠ ᠠᠰᠢᠭ ᠲᠤ ᠳᠤᠷ᠎ᠠ ᠪᠠᠷ ᠴᠥᠭᠡᠨᠳᠡᠢ ᠪᠠᠭᠰᠢ ᠭᠦᠮᠤᠨ

ᠨᠡᠷᠡᠯᠭᠦᠤ ᠰᠠᠤᠠᠭᠢᠯ ᠶᠢᠡᠨ ᠬᠤᠯᠠ ᠳᠠᠶᠠᠭᠳᠠᠭᠰᠠᠨ ᠪᠠᠭᠰᠢ ᠭᠦᠮᠤᠨ

ᠨᠢᠩᠵᠢᠨ ᠰᠠᠤᠠᠭᠢᠯ ᠶᠢᠡᠨ ᠰᠤᠷᠤᠭᠴᠢ ᠳᠤ ᠡᠷᠭᠦᠭ᠍ᠰᠡᠨ ᠪᠠᠭᠰᠢ ᠭᠦᠮᠤᠨ

ᠨᠡᠢ᠌ᠭᠡᠮ ᠬᠤᠷᠸ᠎ᠠ ᠳᠤ ᠪᠠᠢ᠌ᠷᠢ ᠪᠠᠷ ᠠᠨᠠᠢ ᠪᠠᠭᠰᠢ ᠭᠦᠮᠤᠨ

ᠪᠣᠳᠤᠯ ᠤᠨ ᠰᠡᠵᠢᠭᠦᠷ ᠲᠤ ᠨᠤᠳᠤᠭ ᠰᠢᠷᠭᠠᠯᠳᠤᠭᠰᠠᠨ ᠪᠠᠭᠰᠢ ᠭᠦᠮᠤᠨ

ᠪᠣᠯᠪᠠᠰᠤᠨ ᠤ ᠳᠤᠶᠠᠭᠠᠨ ᠳᠤ ᠣᠴᠢ ᠬᠠᠶᠠᠯᠠᠭᠰᠠᠨ ᠪᠠᠭᠰᠢ ᠭᠦᠮᠤᠨ

ᠪᠠᠭᠰᠢ ᠭᠡᠳᠡᠭ᠌ ᠨᠠᠷ᠎ᠠ ᠪᠠᠷ ᠦᠨᠳᠠᠢ᠌ᠵᠤ ᠪᠣᠰᠤᠭᠰᠠᠨ ᠪᠠᠭᠰᠢ ᠭᠦᠮᠤᠨ

ᠪᠠᠭᠠᠳᠤᠷ ᠭᠡᠳᠡᠭ᠌ ᠨᠠᠷ᠎ᠠ ᠪᠠᠷ ᠵᠣᠢ᠌ᠷᠯᠠᠵᠤ ᠪᠣᠯᠤᠮᠠᠷ ᠪᠠᠭᠰᠢ ᠭᠦᠮᠤᠨ

ᠳᠦᠷᠪᠠᠯᠵᠢᠨ ᠭᠦᠷᠢᠶᠡᠨ ᠳ᠋ᠠᠭᠢ ᠨᠠᠷ᠎ᠠ ᠦᠭᠡᠶ ᠬᠤᠷᠢᠭᠳᠠᠯ ᠪᠠᠭᠰᠢ ᠭᠦᠮᠤᠨ

ᠲ᠋ᠠᠰᠬᠠᠯ ᠤᠨ ᠣᠪᠣᠭᠠᠨ ᠳᠤ ᠳᠠᠷᠤᠭᠳᠠᠵᠤ ᠰᠠᠭᠤᠭᠰᠠᠨ ᠪᠠᠭᠰᠢ ᠭᠦᠮᠤᠨ

ᠲ᠋ᠡᠦᠭᠡ ᠶᠢᠨ ᠬᠠᠭᠤᠳᠡᠰᠦᠨ᠎ᠡ   《ᠥᠮᠡᠭᠡᠢ ᠶ‍ᠢᠰᠦᠳᠦᠭᠡᠷ》   ᠪᠠᠭᠰᠢ ᠭᠦᠮᠤᠨ

ᠲ᠋ᠡᠭᠡᠳᠦᠯᠡᠭᠦ ᠣᠢ᠌ᠯᠠᠰ ᠤᠨ ᠣᠩᠭ᠋ᠤᠨ ᠳᠠᠷᠬᠠᠨ ᠪᠠᠭᠰᠢ ᠭᠦᠮᠤᠨ

ᠦᠷ ᠶᠢᠡᠷ ᠰᠤᠪᠣᠷᠠᠭᠰᠠᠨ ᠣᠳᠤᠳ ᠤᠨ ᠭᠡᠷᠡᠯ ᠪᠠᠭᠰᠢ ᠭᠦᠮᠤᠨ

ᠦᠳᠠᠰᠢ ᠪᠠᠷ ᠳᠤᠶᠠᠭᠠᠷᠠᠭᠰᠠᠨ ᠵᠠᠮ ᠤᠨ ᠳ᠋ᠸᠩ ᠪᠠᠭᠰᠢ ᠭᠦᠮᠤᠨ

ᠦᠳᠠ ᠶᠢᠨ ᠨᠠᠷᠠ ᠮᠠᠩᠨᠠᠢ ᠳᠤ ᠳᠦᠭᠡᠨᠡᠭ᠍ᠰᠡᠨ ᠪᠠᠭᠰᠢ ᠭᠦᠮᠤᠨ

ᠡᠳᠦᠷ ᠤᠨ ᠠᠵᠢᠯ ᠦᠰᠦᠨ ᠡᠴᠡ ᠣᠯᠠᠨ ᠪᠠᠭᠰᠢ ᠭᠦᠮᠤᠨ

ᠭᠦᠷᠦᠰᠤᠨ ᠳᠤ ᠣᠷᠭᠤᠭᠰᠠᠨ ᠢᠳᠡᠷᠡᠭᠦᠨ ᠨᠠᠷᠠᠰᠤ ᠪᠠᠭᠰᠢ ᠭᠦᠮᠤᠨ

ᠭᠦᠮᠦᠵᠢᠭᠦ ᠪᠠᠭᠠᠴᠤᠳ ᠤᠨ ᠰᠠᠤᠠᠭᠢᠯ ᠤᠨ ᠨᠠᠷᠠ ᠪᠠᠭᠰᠢ ᠭᠦᠮᠤᠨ

ᠭᠦᠰᠡᠯ ᠤᠨ ᠳᠠᠯᠠᠢ ᠳᠤ ᠰᠡᠯᠢᠭᠦᠷ ᠠᠳᠬᠤᠭᠤᠯᠤᠭᠰᠠᠨ ᠪᠠᠭᠰᠢ ᠭᠦᠮᠤᠨ

ᠭᠦᠭᠡᠮᠳᠡᠭ᠌ ᠳᠡᠭ᠍ᠷᠢ ᠳᠤ ᠵᠢᠭᠦᠷ ᠣᠷᠭᠤᠯᠤᠭᠰᠠᠨ ᠪᠠᠭᠰᠢ ᠭᠦᠮᠤᠨ

ᠵᠠᠵᠢ ᠰᠠᠠᠴᠢᠭ ᠲᠤ ᠦᠷᠦᠪᠳᠠᠰᠤ ᠬᠤᠷᠠᠭᠰᠠᠭᠠᠷ ᠪᠣᠭᠤᠷᠤᠯ ᠪᠣᠯᠤᠭᠰᠠᠨ ᠪᠠᠭᠰᠢ ᠭᠦᠮᠤᠨ

ᠵᠠᠮ ᠤᠨ ᠬᠤᠯᠠ ᠳᠤ ᠭᠦᠯᠦᠭ᠌ ᠰᠤᠷᠢᠭᠰᠠᠭᠠᠷ ᠰᠢᠠᠳᠠᠰᠤ ᠰᠤᠨᠤᠭᠰᠠᠨ ᠪᠠᠭᠰᠢ ᠭᠦᠮᠤᠨ

ᠵᠠᠬ᠎ᠠ ᠠᠷᠠᠭ᠎ᠠ ᠠᠵᠢᠯ ᠡᠴᠡ ᠠᠮᠠᠷᠠᠵᠤ ᠰᠤᠨᠢᠨ ᠣᠩᠰᠢᠭᠰᠠᠨ ᠪᠠᠭᠰᠢ ᠭᠦᠮᠤᠨ

ᠵᠠᠯᠠᠭᠤ ᠳᠠᠭᠠᠨ ᠪᠢ ᠢᠩᠭᠢᠵᠤ ᠭᠡᠵᠤ ᠭᠦᠭᠡᠷᠦᠵᠤ ᠰᠠᠭᠤᠭᠰᠠᠨ ᠪᠠᠭᠰᠢ ᠭᠦᠮᠤᠨ

ᠡᠷᠭᠡ ᠲᠡᠶ ᠵᠡᠷᠭᠡ ᠲᠡᠶ ᠨᠤᠶᠠᠤᠨ ᠤᠨ ᠡᠮᠦᠨ᠎ᠡ ᠥᠭᠡ ᠪᠠᠷ ᠴᠥᠭᠡᠨᠳᠡᠢ ᠪᠠᠭᠰᠢ ᠭᠦᠮᠤᠨ

ᠦᠷ᠎ᠡ ᠲᠡᠶ ᠰᠤᠷᠤᠭᠴᠢ ᠲᠡᠶ ᠨᠡᠢ᠌ᠭᠡᠮ ᠤᠨ ᠳᠤᠮᠳᠠ ᠰᠠᠤᠠᠭᠢᠯ ᠶᠢᠡᠷ ᠳᠡᠨᠢᠭᠦᠨ ᠪᠠᠭᠰᠢ ᠭᠦᠮᠤᠨ

ᠠᠰᠢᠭ ᠲᠡᠶ ᠮᠥᠩᠭᠦ ᠲᠡᠶ ᠮᠦᠷᠤᠢ ᠶᠢᠨ ᠰᠢᠷᠡᠭᠡᠨ ᠳᠤ ᠵᠠᠢ ᠦᠭᠡᠶ ᠪᠠᠭᠰᠢ ᠭᠦᠮᠤᠨ

ᠠᠵᠢᠯ ᠲᠡᠶ ᠶᠠᠪᠣᠳᠠᠯ ᠲᠡᠶ ᠰᠤᠷᠭᠠᠭᠤᠯᠢ ᠶᠢᠨ ᠭᠦᠷᠢᠶᠡᠨ ᠳᠤ ᠮᠦᠷ ᠦᠯᠡᠮᠵᠢ ᠪᠠᠭᠰᠢ ᠭᠦᠮᠤᠨ

《ᠮᠥᠩᠭᠦᠨ ᠬᠤᠠᠳᠠᠭ᠎ᠠ》 ᠪᠠᠨ ᠣᠯᠠᠨ ᠳᠠᠭᠠᠨ ᠡᠷᠭᠦᠭ᠍ᠰᠡᠭᠡᠷ ᠳᠠᠭᠤᠴᠢᠨ ᠴᠤᠯᠠ ᠲᠡᠶ ᠪᠠᠭᠰᠢ ᠭᠦᠮᠤᠨ

ᠮᠥᠷᠦᠭᠡᠳᠦᠯ ᠭᠦᠰᠡᠯ ᠶᠢᠡᠨ ᠴᠠᠭᠠᠰᠤᠨ᠎ᠠ ᠵᠢᠷᠤᠭᠯᠠᠭᠰᠠᠬᠠᠷ ᠰᠢᠯᠦᠭ᠍ᠴᠢ ᠴᠤᠯᠠ ᠲᠡᠶ ᠪᠠᠭᠰᠢ ᠭᠦᠮᠤᠨ

ᠮᠥᠷᠥᠢᠴᠡᠭᠡᠨ ᠣᠷᠤᠯᠳᠤᠭᠠᠨ ᠳᠤ ᠳᠠᠪᠳᠠᠭᠰᠠᠭᠠᠷ ᠳᠠᠮᠢᠷᠴᠢᠨ ᠴᠤᠯᠠ ᠲᠡᠶ ᠪᠠᠭᠰᠢ ᠭᠦᠮᠤᠨ

ᠮᠦᠰᠤ ᠳᠠᠮᠢᠷ ᠶᠢᠡᠨ ᠰᠢᠪᠬᠠᠭᠰᠠᠭᠠᠷ ᠪᠠᠭᠰᠢ ᠴᠤᠯᠠ ᠲᠡᠶ ᠪᠠᠭᠰᠢ ᠭᠦᠮᠤᠨ

ᠮᠤᠩᠭ᠋ᠤᠯ ᠰᠤᠶᠤᠯ ᠶᠢᠡᠨ ᠥᠪᠯᠡᠭ᠍ᠰᠡᠭᠡᠷ ᠮᠠᠠᠳᠤᠨ ᠪᠣᠰᠳᠠᠭ ᠪᠠᠭᠰᠢ ᠭᠦᠮᠤᠨ

ᠮᠠᠷᠳᠠᠭᠳᠠᠭᠰᠠᠨ ᠳᠡᠦᠭᠡ ᠪᠠᠨ ᠡᠷᠭᠢᠴᠡᠭᠦᠯᠦᠭ᠍ᠰᠡᠭᠡᠷ ᠰᠦᠰᠦ ᠳᠤᠯᠢᠶᠠᠳᠠᠭ ᠪᠠᠭᠰᠢ ᠭᠦᠮᠤᠨ

ᠮᠠᠷᠭᠠᠰᠢ ᠳᠤ ᠳᠠᠭᠤᠷᠢᠰᠬᠤ ᠴᠡᠩᠭᠡᠷ ᠠᠶᠠᠯᠭᠤ ᠪᠠᠭᠰᠢ ᠭᠦᠮᠤᠨ

ᠮᠠᠨ ᠤ ᠮᠤᠩᠭ᠋ᠤᠯ ᠤᠨ ᠮᠠᠠᠳᠤᠬᠤ ᠳᠠᠭᠤᠨ ᠪᠠᠭᠰᠢ ᠭᠦᠮᠤᠨ᠃


2007 ᠣᠨ ᠤ ᠪᠠᠭᠰᠢ ᠶᠢᠨ ᠪᠠᠶᠠᠷ ᠲᠤ ᠡᠷᠭᠦᠪᠠᠢ᠃

ᠬᠠᠢ᠌ᠰᠤᠭᠠᠢ ᠭᠤᠤᠯ ᠪᠠᠭ᠎ᠠ ᠰᠤᠷᠭᠠᠭᠤᠯᠢ ᠳ᠋ᠤ

ᠵᠤᠬᠢᠶᠠᠭᠴᠢ᠄ ᠪᠣᠷᠵᠢᠭᠢᠨ ᠡᠷᠳᠡᠮᠳᠤ
ᠢᠷᠡᠯᠲᠡ᠄ ᠪᠣᠷᠵᠢᠭᠢᠨ ᠡᠷᠳᠡᠮᠳᠤ
ᠬᠠᠷᠢᠶ᠎ᠠ᠄ ᠰᠢᠯᠦᠭ
ᠳᠠᠷᠤᠮ᠄ 4934
ᠴᠠᠭ᠄ 2008 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ