ᠨᠡᠪᠲᠡᠷᠡᠨ ᠤᠷᠤᠬᠤ
ᠵᠠᠷᠤᠳ

ᠣᠷᠢᠳᠤ ᠶᠢᠨ ᠬᠠᠭᠤᠴᠢ ᠳᠡᠦᠭᠡ ᠪᠠᠨ

ᠠᠭᠤᠯᠠ ᠣᠰᠤᠨ ᠤ ᠳᠤᠮᠤᠭ ᠲᠤ ᠪᠠᠨ ᠰᠢᠩᠭᠡᠭᠡᠭ᠍ᠰᠡᠨ

ᠣᠬᠠᠭᠠᠨ ᠤ ᠮᠡᠷᠭᠡᠨ ᠳᠡᠭᠡᠳᠤ ᠲᠡᠶ ᠵᠠᠷᠤᠳ

ᠣᠴᠠᠷᠠᠭᠰᠠᠨ ᠭᠦᠮᠤᠨ ᠪᠣᠯᠭᠠᠨ ᠳᠠᠢ

《ᠰᠠᠢ᠌ᠨ ᠦᠦ︖》 ᠭᠡᠳᠡᠭ᠌

ᠪᠠᠯᠠᠨ ᠮᠠᠠᠳᠤ ᠲᠡᠶ ᠵᠠᠷᠤᠳ

ᠬᠤᠤᠠᠳᠤᠭ ᠳᠡᠭᠡᠷ᠎ᠡ ᠠᠭᠤᠯᠵᠠᠪᠠᠴᠤ

ᠡᠯᠭᠦᠯᠴᠡᠭᠡᠳ ᠡᠭᠢᠯᠡᠳᠡᠭ᠌ ᠥᠭᠡᠡᠴᠢᠷ ᠵᠠᠷᠤᠳ

ᠬᠤᠨᠢᠨ ᠤ ᠪᠠᠯᠴᠢᠭᠡᠷ ᠲᠤ ᠳᠠᠭᠠᠷᠠᠪᠠᠴᠤ

ᠬᠠᠩᠭᠢᠨᠠᠭᠤᠯᠤᠭᠠᠤᠨ ᠪᠠᠢ᠌ᠳᠠᠭ ᠳᠠᠭᠤᠴᠢᠨ ᠵᠠᠷᠤᠳ

ᠳᠠᠪᠤᠨ ᠬᠠᠨ ᠲᠡᠶ ᠪᠠᠢ᠌ᠳᠠᠭ ᠶᠢᠡᠷ ᠵᠢᠠᠨ

ᠰᠦᠷ ᠶᠡᠭᠡ ᠲᠡᠶ ᠵᠠᠷᠤᠳ

ᠳᠠᠪᠤᠨ ᠣᠳᠤᠭ ᠤᠨ ᠨᠢᠭᠡ ᠭᠡᠳᠡᠭ᠌ ᠶᠢᠡᠷ ᠵᠢᠠᠨ

ᠳᠡᠦᠭᠡ ᠬᠠᠭᠤᠴᠢ ᠲᠡᠶ ᠵᠠᠷᠤᠳ

ᠭᠤᠷᠪᠠᠨ ᠭᠦᠮᠤᠨ ᠶᠠᠪᠣᠪᠠᠯ

ᠨᠢᠭᠡ ᠨᠢ ᠬᠤᠭᠤᠷᠴᠢ ᠭᠡᠭ᠍ᠳᠡᠳᠡᠭ᠌ ᠵᠠᠷᠤᠳ

ᠳᠠᠪᠤᠨ ᠭᠦᠮᠤᠨ ᠤ ᠳᠤᠮᠳᠠ ᠡᠴᠡ

ᠳᠦᠷᠪᠡ ᠨᠢ 《ᠪᠣᠤ》 ᠭᠡᠳᠡᠭ᠌ ᠵᠠᠷᠤᠳ

ᠣᠭᠤᠳᠠ ᠠᠮᠤ ᠰᠤᠯᠢᠬᠤ ᠪᠠᠷ

ᠣᠷᠳᠤ ᠬᠤᠸᠠᠩ ᠳᠤ ᠪᠠᠨ ᠣᠴᠢᠭᠠᠤᠨ

ᠣᠩᠰᠢᠭᠤᠨ ᠦᠨᠦᠷ ᠲᠡᠶ ᠭᠠᠬᠠᠢ ᠶᠢᠨ ᠮᠢᠬᠠᠨ ᠳᠤ ᠨᠢ

ᠣᠭᠰᠢᠭᠤᠯᠵᠤ ᠳᠤᠷᠠᠪᠠᠯᠵᠠᠵᠤ

ᠳᠠᠪᠣᠰᠤᠯᠠᠭᠰᠠᠨ ᠨᠤᠭᠤᠭ᠎ᠠ ᠶᠢ ᠨᠢ ᠳ᠋ᠢᠰᠠ ᠪᠠᠷ ᠨᠢ ᠢᠳᠡᠭᠡᠳ

ᠣᠮᠳᠠᠭᠠᠰᠴᠤ ᠥᠭᠦᠯ᠎ᠡ ᠭᠡᠵᠤ

ᠥᠭᠡᠷ ᠶᠢᠡᠨ ᠰᠢᠪᠠᠳᠠᠭᠤᠯᠵᠤ ᠢᠷᠡᠳᠡᠭ᠌

ᠦᠯᠭᠢ ᠮᠤᠩᠭ᠋ᠤᠯ ᠵᠠᠷᠤᠳ

ᠥᠷᠦᠭᠡᠯ ᠲᠡᠶ ᠮᠤᠷᠢ ᠪᠠᠨ ᠠᠯᠳᠠᠭᠠᠤᠨ

ᠦᠵᠦᠮᠤᠴᠢᠨ ᠭᠦᠷᠳᠡᠯ᠎ᠡ ᠡᠷᠢᠯ ᠪᠣᠯᠵᠤ

ᠡᠪᠦᠯ ᠵᠤᠨ ᠦᠭᠡᠶ ᠦᠨᠳᠦᠷ ᠳᠠᠪᠠᠯ ᠡᠴᠡ ᠪᠠᠨ ᠰᠠᠯᠬᠤ ᠦᠭᠡᠶ ᠭᠡᠵᠤ

ᠥᠵᠦᠭᠦᠷ ᠦᠭᠡᠶ ᠭᠠᠢ᠌ᠬᠠᠵᠤ ᠢᠷᠡᠳᠡᠭ᠌

ᠤᠭᠤᠳᠤᠩ ᠮᠤᠩᠭ᠋ᠤᠯ ᠵᠠᠷᠤᠳ

ᠴᠠᠭᠠᠨ ᠨᠤᠭᠤᠭ᠎ᠠ ᠶᠢ 《ᠪᠠᠢ᠌ᠼᠠᠢ》 ᠭᠡᠴᠢᠭᠡᠯ᠎ᠡ ᠭᠡᠵᠤ

ᠱᠠᠯ ᠳᠤᠭᠤᠭᠰᠠᠨ ᠦᠭᠡᠶ ᠮᠡᠷᠭᠡᠯᠡᠵᠤ ᠰᠠᠭᠤᠳᠠᠭ ᠵᠠᠷᠤᠳ

ᠴᠠᠭᠠᠨ ᠳᠤᠯᠤᠭᠠᠢ ᠶᠢ ᠴᠠᠭᠠᠨ᠎ᠠ ᠨᠢ ᠭᠠᠷᠳᠠᠯ᠎ᠠ ᠮᠡᠳᠡᠳᠡᠭ᠌ ᠪᠠᠢ᠌ᠳᠠᠯ᠎ᠠ ᠪᠠᠨ

ᠴᠠ ᠱᠨ ᠶᠢ ᠢᠯᠭᠠᠳᠠᠭ ᠦᠭᠡᠶ ᠵᠠᠷᠤᠳ

ᠭᠢᠳᠠᠤᠨ ᠥᠭᠡᠨ ᠤ 《ᠱᠤᠮᠤ》 ᠵᠢ ᠴᠤ ᠮᠡᠳᠡᠭᠦ ᠦᠭᠡᠶ ᠪᠠᠢ᠌ᠵᠤ

ᠬᠤᠳᠠ ᠶᠢᠨ ᠭᠤᠸᠠᠠᠰᠠᠨ ᠳᠤ ᠬᠤᠶᠠᠷ ᠬᠤᠷᠤᠭᠤ ᠪᠠᠨ ᠭᠤᠵᠣᠢ᠌ᠯᠭᠠᠵᠤ ᠵᠤᠭᠰᠤᠳᠠᠭ ᠵᠠᠷᠤᠳ

ᠳᠡᠮᠡᠭᠡ ᠦᠵᠡᠪᠠᠯ ᠮᠤᠷᠢ ᠨᠢ ᠨᠠᠳᠬᠤᠳᠠᠭ

ᠭᠠᠬᠠᠢ ᠦᠵᠡᠪᠠᠯ ᠨᠤᠬᠠᠢ ᠨᠢ ᠬᠠᠵᠠᠳᠠᠭ

ᠭᠠᠳᠠᠨ᠎ᠠ ᠪᠠᠨ ᠮᠠᠯ ᠲᠡᠶ ᠪᠣᠯ ᠪᠠᠶᠠᠨ ᠶᠢᠡᠷ ᠥᠵᠡᠳᠡᠭ᠌

ᠭᠤᠤᠷᠰᠤ ᠳᠠᠷᠢᠶ᠎ᠠ ᠪᠠᠨ ᠠᠷᠴᠢᠬᠤ ᠦᠭᠡᠶ ᠠᠳᠠᠷᠰᠢᠭᠤᠯᠳᠠᠭ

ᠥᠯᠢᠭᠡᠷ ᠳᠡᠦᠭᠡ ᠭᠡᠪᠠᠯ ᠥᠡᠳᠡᠯᠵᠡᠭᠡᠳ ᠣᠷᠤᠳᠠᠭ

ᠦᠨᠢᠶ᠎ᠡ ᠳᠤᠭᠤᠯ ᠴᠢᠨᠢ ᠨᠠᠢ᠌ᠯᠠᠵᠠᠢ ᠭᠡᠪᠠᠴᠤ 《ᠪᠠᠢ᠌ᠵᠤ ᠵᠠᠢ》 ᠭᠡᠳᠡᠭ᠌

ᠬᠤᠰᠢᠭᠤ ᠸᠠᠩ ᠤᠨ ᠰᠠᠭᠤᠳᠠᠯ ᠢ

ᠬᠤᠭᠤᠷ ᠶᠢᠡᠷ ᠰᠤᠯᠢᠭᠰᠠᠨ ᠴᠥᠢᠪᠠᠡᠭ᠌

ᠰᠢᠷ᠎ᠠ ᠶᠢᠨ ᠱᠠᠰᠢᠨ ᠤ ᠭᠤᠷᠢᠮ ᠢ

ᠣᠢ᠌ᠴᠢᠭᠤᠯᠵᠤ ᠣᠨᠠᠭᠠᠭᠰᠠᠨ ᠪᠦᠭᠡᠴᠢᠨ ᠰᠸᠳᠠᠩ

ᠠᠯᠳᠠᠨ ᠭᠦᠷᠳᠤ ᠮᠢᠩᠭ᠋ᠠᠨ ᠭᠡᠭᠡᠰᠦᠳᠤ ᠪᠠᠨ

ᠠᠷᠠᠯᠳᠠᠵᠤ ᠶᠠᠪᠣᠭᠰᠠᠨ ᠳ᠋ᠠᠷᠮ᠎ᠠ ᠭᠦᠦᠰᠢ

ᠢᠨᠠᠭ ᠭᠦᠮᠤᠨ ᠷᠦᠶ‍ᠢᠮ᠎ᠠ ᠪᠠᠨ

ᠠᠯᠳᠠᠵᠤ ᠶᠠᠪᠣᠭᠤᠯᠤᠭᠰᠠᠨ ᠪᠠᠢ ᠭᠡᠤ ᠭᠡᠭᠡ

ᠳᠦ᠋ ᠳ᠋ᠠ * ᠭᠠᠷᠤᠭᠠᠤᠨ ᠳᠤᠤᠮᠢ ᠭᠦᠭᠡᠭᠡᠭ᠍ᠰᠡᠨ

ᠲᠦᠷᠦ ᠮᠠᠠᠵᠤ ᠳᠤ ᠨᠢᠳᠤ ᠥᠵᠡᠭ᠍ᠳᠡᠭ᠍ᠰᠡᠨ

ᠥᠭᠡᠷ ᠳᠡᠷᠭᠡ ᠪᠠᠷ ᠳᠠᠤᠯᠠᠢ ᠭᠦᠭᠡᠭᠡᠭ᠍ᠰᠡᠨ ᠵᠠᠷᠤᠳ

ᠦᠮᠴᠢ ᠪᠠᠨ ᠬᠤᠪᠢᠶᠠᠵᠤ ᠬᠤᠶᠠᠷ ᠰᠠᠯᠤᠭᠰᠠᠨ ᠵᠠᠷᠤᠳ

ᠬᠤᠭᠤᠷ ᠳᠠᠳᠠᠳᠠᠭ ᠫᠠᠵᠠᠢ ᠶᠢᠨ ᠵᠠᠷᠤᠳ

ᠬᠤᠯᠠᠭᠠᠢ ᠭᠢᠳᠡᠭ᠌ ᠪᠠᠭᠠᠰᠤᠳᠠᠢ ᠶᠢᠨ ᠵᠠᠷᠤᠳ

ᠮᠠᠯᠠᠭᠠᠢ ᠳᠠᠯᠪᠢᠪᠠᠯ ᠳᠠᠨ ᠤ ᠵᠠᠷᠤᠳ

ᠮᠠᠷᠭᠠᠰᠢ ᠶᠠᠪᠣᠪᠠᠯ ᠮᠠᠨ ᠤ ᠵᠠᠷᠤᠳ︕


* ᠳᠦ᠋ ᠳ᠋ᠠ ᠊᠊᠊᠊᠊᠊᠊᠊᠊᠊᠊᠊᠊᠊᠊ ᠲᠦᠮᠡᠨᠦ᠌ᠯᠵᠠᠢ (1852-1913) ᠳ᠋ᠠ ᠶᠢ ᠵᠢᠭᠠᠵᠠᠢ᠃

ᠵᠤᠬᠢᠶᠠᠭᠴᠢ᠄ ᠬᠠᠷᠭᠤᠢ
ᠢᠷᠡᠯᠲᠡ᠄ ᠬᠠᠷᠭᠤᠢ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2682
ᠴᠠᠭ᠄ 2009 ᠤᠨ ᠤ 07 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ