ᠨᠡᠪᠲᠡᠷᠡᠨ ᠤᠷᠤᠬᠤ
ᠡᠵᠢ ᠶᠢᠨ ᠦᠬᠢᠨ ᠤ ᠪᠣᠳᠤᠯ

ᠮᠢᠨᠤ ᠡᠵᠢ

ᠭᠦᠭᠡᠷᠦᠭᠦᠢ ᠡᠵᠢ

ᠭᠦᠤ ᠪᠠᠨ ᠬᠠᠷᠠᠩᠭ᠋ᠤᠢ ᠳᠤ ᠠᠶᠤᠭᠰᠠᠨ ᠪᠣᠯᠪᠠ ᠦᠦ ᠭᠡᠵᠤ

ᠭᠦᠭᠦ ᠪᠠᠷ ᠶᠢᠡᠨ ᠳᠠᠯᠠᠯᠤᠭᠰᠠᠨ ᠪᠣᠷᠬᠠᠨ ᠡᠵᠢ

ᠭᠦᠢ ᠪᠠᠨ ᠴᠢᠯᠡᠭᠡᠭ᠍ᠰᠡᠨ ᠥᠯᠦᠭᠡᠢ ᠲᠡᠶ ᠮᠢᠨᠢ ᠬᠠᠮᠳᠤ

ᠰᠦᠨᠢ ᠶᠢᠨ ᠭᠦᠢᠳᠡᠨ ᠢ ᠥᠯᠳᠡᠭ᠍ᠰᠡᠨ ᠡᠵᠢ

ᠵᠤᠷᠠᠭᠠᠤᠨ ᠣᠷᠭᠢᠭᠰᠠᠨ ᠳᠠᠷᠠ ᠠᠷᠪᠠᠨ ᠭᠤᠷᠪᠠᠨ ᠴᠦᠳᠠᠠᠵᠠ ᠴᠢᠨᠢ

ᠵᠤᠤᠬᠠᠨ ᠳᠤ ᠳᠦᠷᠡᠯᠵᠡᠭ᠍ᠰᠡᠨ ᠳᠠᠷᠠ ᠠᠷᠭᠠᠯ ᠤᠨ ᠭᠠᠯ ᠴᠢᠨᠢ

ᠮᠢᠨᠤ ᠡᠵᠢ ᠶᠢᠨ ᠨᠢᠭᠡ ᠰᠦᠨᠢ ᠶᠢᠨ ᠨᠣᠢ᠌ᠷ ᠰᠢᠤ᠂

ᠮᠠᠷᠭᠠᠰᠢ ᠵᠢ

ᠦᠨᠦᠳᠤᠷ ᠢ

ᠥᠴᠦᠭᠡᠳᠦᠷ ᠢ ᠨᠢᠭᠡ ᠯᠠ ᠡᠳᠦᠷ ᠪᠣᠯᠭᠠᠭᠰᠠᠨ ᠭᠦᠮᠤᠨ ᠰᠢᠤ᠃

ᠬᠠᠨᠠᠨ ᠳᠤ ᠡᠯᠭᠦᠭ᠍ᠰᠡᠨ ᠳᠠᠷᠠ ᠰᠠᠢ᠌ᠬᠠᠨ ᠭᠦᠷᠮ᠎ᠡ ᠴᠢᠨᠢ

ᠬᠠᠷᠮᠠᠨ ᠳᠡᠭᠡᠷ᠎ᠡ ᠨᠢ ᠬᠠᠳᠠᠭᠰᠠᠨ ᠡᠷᠪᠠᠭᠡᠢ ᠲᠡᠶ ᠪᠠᠨ

ᠮᠢᠨᠤ ᠡᠵᠢ ᠶᠢᠨ ᠣᠷᠠᠨ ᠭᠠᠷ ᠰᠢᠤ᠂

ᠠᠭᠤᠯᠠ ᠵᠢ

ᠣᠰᠤ ᠵᠢ

ᠣᠷᠭᠤᠵᠤ ᠪᠠᠢ᠌ᠭ᠎ᠠ ᠨᠠᠷᠠ ᠶᠢ ᠴᠤ ᠣᠷᠠᠯᠠᠭᠠᠤᠨ ᠣᠶᠤᠴᠢᠬᠠᠬᠤ ᠭᠦᠮᠤᠨ ᠰᠢᠤ᠃

ᠮᠢᠨᠤ ᠳᠠᠨᠠᠷ ᠲᠤ ᠶᠠᠷᠢᠭᠰᠠᠨ ᠳᠠᠷᠠ ᠣᠯᠠᠨ ᠥᠯᠢᠭᠡᠷ ᠴᠢᠨᠢ

ᠮᠠᠭᠳᠠᠭᠠᠯ᠂ ᠱᠠᠩᠨᠠᠯ ᠵᠡᠷᠭᠡᠪᠠᠷ ᠳᠤᠰᠳᠠᠭ ᠡᠨᠡ ᠣᠷ᠎ᠠ ᠠᠪᠢᠶᠠᠰ ᠴᠢᠨᠢ

ᠮᠢᠨᠤ ᠡᠵᠢ ᠶᠢᠨ ᠰᠤᠷᠭᠠᠯ ᠰᠢᠤ᠂

ᠥᠯᠢᠭᠡᠷ ᠢ

ᠳᠡᠦᠭᠡ ᠵᠢ

ᠦᠨᠡᠨ ᠵᠦᠪ ᠪᠦᠭᠦᠨ ᠢ ᠨᠠᠳᠠ ᠳᠤ ᠥᠪᠯᠡᠭ᠍ᠰᠡᠨ ᠭᠦᠮᠤᠨ ᠰᠢᠤ᠃

ᠭᠦᠡᠳᠦᠳᠭᠡᠭᠦ᠂ ᠬᠠᠷᠢᠯᠴᠠᠬᠤ ᠶᠢᠨ ᠶᠤᠰᠤ ᠵᠦᠢ᠌ ᠶᠢ ᠮᠡᠳᠡᠷᠡᠭᠦᠢ ᠶᠢ

ᠭᠦᠮᠤᠨ ᠪᠣᠯᠬᠤ ᠶᠢᠨ ᠡᠯᠡ ᠬᠠᠯᠠ ᠶᠢ ᠳᠡᠰᠭᠦ ᠴᠢᠳᠠᠪᠭᠢ ᠵᠢ

ᠭᠦᠢ ᠣᠷᠴᠢᠯᠠᠩ ᠤᠨ ᠨᠠᠷᠠᠨ ᠰᠠᠷᠠᠨ ᠡᠭᠡᠯᠵᠢᠯᠡᠭᠦᠢ ᠵᠢ

ᠭᠦᠭᠡᠷᠦᠭᠦᠢ ᠡᠵᠢ ᠮᠢᠨᠢ ᠨᠠᠳᠠ ᠳᠤ ᠵᠢᠭᠠᠭᠰᠠᠨ ᠶᠤᠮ᠃

ᠣᠴᠢᠷᠯᠠᠵᠤ ᠭᠡᠯᠡᠭᠡᠳ ᠮᠡᠳᠡᠭᠦ ᠦᠭᠡᠶ ᠪᠣᠯ

ᠣᠭᠢᠯᠠᠵᠤ ᠪᠠᠢ᠌ᠭᠠᠤᠨ ᠴᠤ ᠣᠶᠠᠷᠠᠭᠤᠯᠵᠤ ᠪᠠᠢ᠌ᠭᠰᠠᠨ

ᠮᠠᠯᠠᠭᠠᠢ᠌ᠳᠠᠵᠤ ᠵᠢᠮᠡᠯᠡᠭᠡᠳ ᠣᠬᠠᠭᠠᠷᠠᠬᠤ ᠦᠭᠡᠶ ᠪᠣᠯ

ᠮᠠᠭᠳᠠᠵᠤ ᠪᠠᠢ᠌ᠭᠠᠤᠨ ᠴᠤ ᠠᠷᠭᠠᠳᠠᠵᠤ ᠪᠠᠢ᠌ᠭᠰᠠᠨ

ᠦᠨᠡᠨ ᠮᠦᠨ ᠶᠢᠡᠷ ᠶᠢᠡᠨ ᠶᠠᠪᠣᠬᠤ ᠣᠷᠴᠢᠯᠠᠩ ᠤᠨ ᠵᠦᠢ ᠵᠢ

ᠦᠨᠡᠠᠴᠢ ᠢᠳᠡᠭᠡᠯ ᠶᠢᠡᠷ ᠠᠮᠢᠳᠤᠷᠠᠬᠤ ᠶᠢᠨ ᠣᠬᠠᠭᠠᠨ ᠢ

ᠦᠷ ᠤᠨ ᠭᠡᠭᠡ᠂ ᠦᠳᠡᠰᠢ ᠶᠢᠨ ᠴᠤᠯᠮᠤᠨ ᠲᠡᠶ ᠣᠷᠤᠯᠳᠤᠵᠤ

ᠥᠷᠦᠪᠴᠢᠭᠡᠨ ᠬᠠᠢ᠌ᠷ᠎ᠠ ᠪᠠᠷ ᠶᠢᠡᠨ ᠨᠠᠳᠠ ᠳᠤ ᠳᠠᠨᠢᠭᠤᠯᠵᠤ ᠶᠠᠪᠣᠭᠰᠠᠨ

ᠡᠳᠦᠷ ᠡᠳᠦᠷ ᠤᠨ ᠳᠠᠰᠬᠠᠯ ᠲᠡᠶ ᠬᠠᠮᠳᠤ

ᠵᠠᠭᠢᠵᠤ ᠶᠠᠪᠣᠭᠤᠯᠤᠭᠰᠠᠨ ᠪᠢᠴᠢᠭᠡᠰᠤ

ᠦᠳᠡᠰᠢ ᠦᠳᠡᠰᠢ ᠶᠢᠨ ᠥᠯᠢᠭᠡᠷ ᠶᠢᠡᠷ ᠶᠤᠭᠳᠠᠯᠠᠵᠤ

ᠦᠪᠯᠠᠵᠤ ᠰᠤᠷᠭᠠᠭᠰᠠᠨ ᠶᠤᠰᠤ

ᠢᠯᠪᠢᠭᠡᠳ ᠥᠩᠭᠡᠷᠡᠭᠦ ᠳᠠᠷᠠ ᠣᠷᠢᠬᠠᠨ ᠰᠠᠯᠭᠢ ᠴᠢᠨᠢ

ᠢᠷᠡᠭᠡᠳ ᠢᠷᠡᠭᠡᠳ ᠪᠣᠴᠠᠳᠠᠭ ᠳᠠᠷᠠ ᠬᠠᠷᠢᠶᠠᠴᠠᠢ ᠶᠢᠨ ᠰᠥᠷᠦᠭ᠌ ᠴᠢᠨᠢ

ᠮᠢᠨᠤ ᠡᠵᠢ ᠶᠢᠨ ᠣᠶᠠᠬᠠᠨ ᠮᠥᠷᠦᠭᠡᠳᠦᠯ ᠶᠤᠮ᠂

ᠬᠠᠢ᠌ᠷᠠᠳᠠᠢ ᠦᠬᠢᠨ ᠮᠢᠨᠢ ᠢᠷᠠᠪᠠ ᠦᠦ ᠭᠡᠳ

ᠬᠠᠷᠢᠯᠠᠭᠰᠠᠨ ᠭᠡᠦᠭᠡᠨ ᠤ ᠪᠠᠨ ᠬᠣᠢ᠌ᠨ᠎ᠠ ᠡᠴᠡ

ᠬᠠᠢ᠌ᠯᠠᠨ ᠣᠷᠤᠰᠬᠠᠭᠰᠠᠨ ᠨᠢᠯᠪᠣᠰᠤ ᠶᠤᠮ᠃

ᠦᠷ᠎ᠡ ᠶᠢᠨ ᠶᠢᠡᠨ ᠡᠵᠡᠭᠦᠢ ᠳᠤ ᠨᠣᠢ᠌ᠷ ᠬᠤᠯᠵᠢᠳᠠᠭ ᠥᠷᠦᠪᠴᠢᠭᠡᠨ ᠡᠵᠢ ᠪᠠᠨ

ᠥᠩᠭᠡᠳᠡᠢ ᠥᠭᠡᠳᠡᠳᠡᠢ ᠶᠠᠪᠣᠭᠤᠯᠵᠤ ᠪᠠᠢ᠌ᠶ᠎ᠠ︕

ᠦᠰᠪᠦᠷᠢ ᠶᠢᠨ ᠨᠠᠰᠤᠨ ᠳᠤ ᠪᠠᠨ ᠠᠭᠤᠷᠯᠠᠭᠤᠯᠵᠤ᠂ ᠭᠤᠮᠤᠳᠠᠭᠠᠵᠤ᠂ ᠣᠶᠠᠷᠠᠭᠠᠵᠤ ᠶᠠᠪᠣᠭᠰᠠᠨ ᠵᠢᠠᠨ

ᠦᠨᠡᠨ ᠰᠡᠳᠭᠢᠯ ᠤᠨ ᠬᠠᠢ᠌ᠷ᠎ᠠ ᠪᠠᠷ ᠳᠤᠷᠠᠰᠴᠤ ᠶᠠᠪᠣᠶ᠎ᠠ︕

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3312
ᠴᠠᠭ᠄ 2009 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ