ᠨᠡᠪᠲᠡᠷᠡᠨ ᠤᠷᠤᠬᠤ
ᠪᠦᠮᠪᠦᠷᠴᠡᠭ ᠤᠨ ᠲᠤᠰᠬᠤᠨ
᠊᠊᠊᠊᠊᠊᠊᠊᠊᠊᠊᠊᠊᠊᠊ ᠨᠠ᠊᠂ ᠭᠦᠭᠡᠰᠢᠭᠦᠢ ᠶᠢᠨ 《ᠪᠦᠮᠪᠦᠷᠴᠡᠭ᠌ ᠤᠨ ᠳᠤᠰᠬᠤᠨ》 ᠢ ᠣᠩᠰᠢᠭᠠᠤᠨ

ᠭᠦᠭᠡ ᠰᠢᠭᠤᠢ ᠭᠡᠳᠡᠭ᠌ ᠰᠢᠯᠦᠭ᠍ᠴᠢ

ᠭᠦᠭᠡ ᠴᠢᠰᠤᠨ ᠤ ᠣᠳᠤᠮ᠂

ᠭᠦᠮᠤᠨ ᠤ ᠳᠦᠭᠦᠭᠡ ᠣᠷᠤᠮᠠᠭᠴᠠ

ᠭᠦᠭᠡ ᠥᠩᠭᠡ ᠶᠢ ᠰᠢᠳᠤᠵᠠᠢ᠃

ᠭᠦᠡᠳᠦᠦᠡᠭᠡᠨ ᠮᠥᠷᠭᠦᠨ ᠰᠥᠰᠦᠭᠯᠡᠳᠡᠭ᠌ ᠨᠢ

ᠭᠦᠭᠡ ᠮᠥᠩᠭᠡ ᠳᠡᠭ᠍ᠷᠢ ᠭᠡᠨ᠎ᠡ᠂

ᠭᠦᠷᠳᠡᠵᠤ ᠪᠢᠰᠢᠷᠠᠨ ᠥᠵᠡᠳᠡᠭ᠌ ᠨᠢ

ᠭᠦᠭᠡ ᠰᠤᠳᠤᠷ ᠤᠨ ᠨᠤᠮ ᠭᠡᠨ᠎ᠡ᠃

ᠭᠦᠰᠡᠵᠤ ᠡᠷᠭᠦᠭ᠍ᠰᠡᠨ ᠨᠠᠷ᠎ᠠ ᠨᠢ

ᠭᠦᠭᠡ ᠨᠤᠭᠤᠭᠠᠨ ᠰᠢᠭᠤᠢ ᠭᠡᠨ᠎ᠡ᠂

ᠭᠦᠭᠡᠷᠦᠮᠳᠦᠵᠤ ᠨᠥᠭᠦᠷᠯᠡᠨ ᠶᠠᠪᠣᠯᠴᠠᠳᠠᠭ ᠨᠢ

ᠭᠦᠭᠡ ᠵᠠᠩ ᠲᠡᠶ ᠨᠠᠢ᠌ᠵᠢ ᠭᠡᠨ᠎ᠡ᠃

ᠳᠦᠷᠦᠭ᠍ᠰᠡᠨ ᠴᠠᠭ ᠬᠤᠭᠤᠴᠠᠭ᠎ᠠ ᠨᠢ

ᠭᠦᠭᠡ ᠯᠤᠤᠳᠤ ᠮᠦᠴᠡ ᠭᠡᠨ᠎ᠡ᠂

ᠳᠤᠰᠬᠠᠢ᠌ᠯᠠᠨ ᠠᠪᠢᠶᠠᠰᠤᠯᠠᠨ ᠴᠠᠭᠠᠷᠠᠭᠰᠠᠨ ᠨᠢ

ᠭᠦᠭᠡ ᠮᠤᠩᠭ᠋ᠤᠯ ᠰᠢᠯᠦᠭ᠌ ᠭᠡᠨ᠎ᠡ᠃

ᠣᠤᠭᠤᠵᠤ ᠪᠠᠢ᠌ᠭᠰᠠᠨ ᠣᠮᠳᠠᠭᠠᠨ ᠨᠢ

ᠭᠦᠭᠡ ᠴᠠᠢ ᠪᠠᠢ᠌ᠭᠰᠠᠨ ᠭᠡᠨ᠎ᠡ᠂

ᠣᠨᠤᠵᠤ ᠪᠠᠢ᠌ᠭᠰᠠᠨ ᠭᠦᠯᠦᠭ᠌ ᠨᠢ

ᠭᠦᠭᠡ ᠰᠠᠷᠠᠯ ᠮᠤᠷᠢ ᠭᠡᠨ᠎ᠡ᠃

《ᠶᠠᠭᠷᠠᠢ ᠬᠤᠳᠤᠭᠤᠷ》 ᠥᠷᠦᠭᠡ ᠪᠠᠨ

ᠶᠠᠭᠠᠨ ᠭᠦᠭᠡ ᠪᠠᠷ ᠴᠢᠮᠡᠭᠯᠡᠵᠤ ᠭᠡᠨ᠎ᠡ᠂

ᠶᠠᠰᠤᠯᠢᠭ ᠪᠠᠶ᠎ᠠ ᠳᠡᠭᠡᠨ ᠭᠡᠳᠦᠷᠡᠳᠡᠭ᠌ ᠨᠢ ᠴᠤ

ᠶᠠᠭᠠᠨ ᠭᠦᠭᠡ ᠳᠡᠷᠯᠢᠭ᠌ ᠭᠡᠨ᠎ᠡ᠃

ᠭᠦᠭᠡᠷᠥᠢᠯᠡᠵᠤ ᠬᠠᠢ᠌ᠷᠠᠯᠠᠨ ᠣᠤᠬᠠᠢ᠌ᠯᠠᠬᠤ ᠳᠤ

ᠭᠦᠭᠡ ᠨᠢᠯᠪᠣᠰᠤ ᠮᠡᠯᠳᠡᠭ᠍ᠨᠡᠨ᠎ᠡ ᠭᠡᠨ᠎ᠡ

ᠭᠦᠮᠦᠰᠭᠡ ᠵᠠᠩᠭᠢᠳᠤᠨ ᠭᠢᠯᠢᠩᠯᠡᠭᠦ ᠳᠤ

ᠭᠦᠭᠡ ᠴᠢᠷ ᠶᠢᠡᠷ ᠨᠤᠯᠮᠤᠨ᠎ᠠ ᠭᠡᠨ᠎ᠡ

ᠭᠡᠷᠡᠭᠯᠡᠵᠤ ᠪᠠᠢ᠌ᠭ᠎ᠠ ᠥᠵᠦᠭ᠌ ᠡᠴᠡ ᠨᠢ

ᠭᠦᠭᠡ ᠣᠳᠤᠭ᠎ᠠ ᠳᠠᠳᠠᠨ᠎ᠠ ᠭᠡᠨ᠎ᠡ᠂

ᠭᠡᠪᠯᠡᠵᠤ ᠪᠠᠢ᠌ᠭ᠎ᠠ ᠰᠢᠯᠦᠭ᠌ ᠡᠴᠡ ᠨᠢ

ᠭᠦᠭᠡ ᠰᠥ᠋ ᠭᠤᠭᠤᠵᠢᠨ᠎ᠠ︖

ᠪᠦᠳᠡᠭᠢ ᠰᠢᠯᠦᠭ᠌ ᠪᠠᠰᠢ ᠴᠤ

ᠪᠦᠭᠦᠳᠡ ᠶᠢᠨ ᠳᠤᠮᠳᠠ ᠳᠡᠯᠭᠡᠷᠡᠵᠡᠢ᠂

ᠪᠢᠳᠠ ᠭᠦᠮᠤᠨ ᠶᠢᠡᠷ ᠣᠷᠴᠢᠭᠤᠯᠬᠤ ᠦᠭᠡᠶ ᠪᠠᠷ

ᠪᠠᠢ᠌ᠭᠰᠠᠨ ᠢ ᠨᠢ ᠰᠢᠭᠤᠳ ᠳᠦᠭᠦᠭᠡᠷᠦᠨ᠎ᠡ᠃

ᠦᠰᠴᠦ ᠳᠦᠷᠦᠭ᠍ᠰᠡᠨ ᠨᠤᠳᠤᠭ ᠨᠢ

ᠦᠨᠢᠷ ᠮᠠᠩᠬᠠᠨ ᠤ ᠳᠤᠮᠳᠠ

ᠣᠷᠤᠰᠢᠨ ᠠᠮᠢᠳᠤᠷᠠᠬᠤ ᠭᠠᠵᠠᠷ ᠨᠢ

ᠣᠳᠤᠨ ᠭᠠᠷᠠᠭ ᠤᠨ ᠳᠤᠰᠬᠤᠨ ᠊᠊᠊᠊᠊᠊᠊᠊᠊᠊᠊᠊᠊᠊᠊

ᠪᠦᠮᠪᠦᠷᠴᠡᠭ᠌ ᠤᠨ ᠳᠤᠰᠬᠤᠨ ᠭᠡᠳᠡᠭ᠌ ᠨᠢ

ᠪᠦᠳᠦᠭᠦᠨ ᠭᠠᠴᠠᠭᠠᠨ ᠤ ᠮᠠᠶ‍ᠢᠭ ᠲᠡᠶ᠂

ᠪᠣᠰᠤᠳ ᠭᠠᠵᠠᠷ ᠤᠨ ᠡᠷᠦᠭᠡ ᠠᠮᠠ ᠶᠢ

ᠨᠡᠭᠦᠯᠭᠡᠵᠤ ᠣᠷᠤᠭᠤᠯᠬᠤ ᠪᠠᠢ᠌ᠳᠠᠯ ᠲᠡᠶ᠃

ᠪᠣᠷᠤᠭᠠᠨ ᠬᠤᠷ᠎ᠠ ᠨᠢ ᠳᠡᠭ᠍ᠰᠢ ᠪᠢᠯᠢᠤ︖

ᠪᠣᠯᠠᠭᠳᠠᠴᠠ ᠨᠢᠭᠤᠭᠳᠠᠴᠠ ᠨᠢ ᠪᠠᠶᠠᠯᠢᠭ ᠪᠢᠯᠢᠤ︖

ᠪᠠᠢ᠌ᠭᠠᠯᠢ ᠶᠢᠨ ᠨᠥᠭᠦᠴᠡᠯ ᠨᠢ ᠵᠥᠭᠡᠷ ᠪᠢᠯᠢᠤ

ᠪᠠᠯᠭᠠᠰᠤᠨ ᠤ ᠠᠷᠠᠤᠨ ᠨᠢ ᠠᠰᠪᠣᠷ ᠪᠢᠯᠢᠤ︖

ᠬᠠᠨᠠᠭᠠᠷ ᠳᠠᠯ᠎ᠠ ᠴᠢᠨᠢ ᠬᠠᠯᠢᠭᠤᠷᠠᠵᠤ

ᠬᠠᠷ᠎ᠠ ᠳᠠᠩ ᠤᠨ ᠭᠠᠵᠠᠷ ᠪᠠ︖

ᠬᠠᠭᠠᠯᠪᠣᠷᠢᠯᠠᠨ ᠣᠷᠪᠠᠭᠤᠯᠤᠨ ᠳᠠᠷᠢᠪᠠᠯ

ᠬᠠᠳᠠᠭᠤ ᠴᠢᠩᠭ᠋᠎ᠠ ᠳᠤᠷᠭᠤᠭᠠᠨ᠎ᠠ ᠦᠦ

ᠠᠭᠯᠠᠭ ᠪᠠᠷᠳᠠᠭᠠᠳᠤ ᠠᠭᠤᠯᠠᠨ ᠳ᠋ᠤᠨᠢ

ᠠᠮᠢᠳᠠᠨ ᠠᠷᠢᠶᠠᠳᠠᠨ ᠪᠠᠢ᠌ᠬᠤ ᠯᠠ ᠪᠠ︖

ᠠᠩ ᠭᠦᠷᠦᠭᠡ ᠭᠢᠭᠦ ᠶᠢ

ᠠᠢ᠌ᠬᠤᠪᠳᠤᠷ ᠰᠥᠷᠡᠭᠡᠢ ᠴᠠᠭᠠᠵᠠᠯᠠᠨ᠎ᠠ ᠦᠦ︖

ᠬᠤᠪᠬᠠᠢ ᠴᠠᠭᠠᠨ ᠮᠠᠩᠬ᠎ᠠ ᠪᠠᠨ

ᠭᠢᠮᠳᠠ ᠦᠨ᠎ᠡ ᠪᠠᠷ ᠬᠤᠳᠠᠯᠳᠤᠨ᠎ᠠ ᠦᠦ︖

ᠬᠤᠵᠢᠷ ᠲᠡᠶ ᠳᠠᠯ᠎ᠠ ᠭᠠᠵᠠᠷ ᠶᠢᠡᠨ

ᠬᠤᠯᠠ ᠶᠢᠨ ᠭᠦᠮᠤᠨ ᠳᠤ ᠳᠠᠭᠠᠭᠠᠴᠢᠯᠠᠭᠤᠯᠤᠨ᠎ᠠ ᠦᠦ︖

ᠡᠪᠠᠰᠤᠨ ᠡᠮ ᠤᠨ ᠦᠨᠳᠦᠰᠦ

ᠡᠯᠪᠠᠭ᠌ ᠳᠡᠯᠪᠠᠭ᠌ ᠪᠠᠢ᠌ᠨ᠎ᠠ ᠪᠠ︖

ᠡᠷᠦᠵᠤ ᠮᠠᠯᠳᠠᠨ ᠬᠤᠳᠠᠯᠳᠤᠬᠤ ᠶᠢ

ᠡᠰᠡᠷᠭᠦᠴᠡᠭᠦ ᠭᠦᠮᠤᠨ ᠦᠭᠡᠶ ᠪᠠ︖

ᠡᠷᠳᠡᠨ ᠤ ᠬᠠᠭᠤᠴᠢᠨ ᠣᠩᠭ᠋ᠤᠨ

ᠡ᠊ᠨᠳᠡ ᠳᠠᠠᠳᠠ ᠪᠠᠢ᠌ᠬᠤ ᠯᠠ ᠪᠠ︖

ᠡᠷᠢᠵᠤ ᠠᠭᠤᠳᠠᠯᠠᠨ ᠠᠪᠬᠤ ᠶᠢ

ᠥᠭᠡᠷ᠎ᠡ ᠭᠦᠮᠤᠨ ᠬᠤᠷᠢᠭᠯᠠᠬᠤ ᠦᠭᠡᠶ ᠪᠠ︖

ᠮᠤᠳᠤ ᠨᠢᠷᠤᠭᠤ ᠣᠭᠳᠤᠯᠬᠤ ᠶᠢ

ᠮᠠᠷᠭᠤᠵᠤ ᠵᠤᠭᠰᠤᠭᠠᠬᠤ ᠭᠦᠮᠤᠨ ᠪᠠᠢ᠌ᠨ᠎ᠠ ᠦᠦ︖

ᠮᠤᠤᠷ ᠰᠠᠮᠵᠠ ᠳᠡᠵᠢᠭᠡᠭᠦ ᠶᠢ

ᠮᠠᠭᠤᠰᠢᠶᠠᠵᠤ ᠵᠢᠭ᠍ᠰᠢᠭᠦ ᠭᠦᠮᠤᠨ ᠪᠠᠢ᠌ᠨ᠎ᠠ ᠦᠦ︖

ᠭᠠᠵᠠᠷ ᠨᠤᠳᠤᠭ ᠲᠠᠭᠠᠨ ᠬᠠᠷᠠᠮᠴᠢ

ᠭᠠᠳᠠ ᠮᠠᠢ᠌ᠷᠡᠨ ᠪᠠᠢ᠌ᠬᠤ ᠦᠭᠡᠶ ᠪᠠ︖

ᠭᠠᠳᠠᠨᠠᠭᠢ ᠭᠦᠮᠤᠨ ᠳᠤ ᠠᠮᠠᠷᠠᠭ

ᠰᠧᠸᠠᠩ ᠨᠤᠶᠠᠨ ᠪᠠᠢ᠌ᠨ᠎ᠠ ᠦᠦ︖

ᠪᠦᠮᠪᠦᠷᠴᠡᠭ᠌ ᠤᠨ ᠳᠤᠰᠬᠤᠨ ᠴᠢᠨᠢ ᠪᠠᠭᠳᠠᠭᠠᠪᠠᠯ

ᠪᠢᠳᠠ ᠨᠡᠭᠦᠳᠡᠯᠯᠡᠵᠤ ᠣᠴᠢᠶ᠎ᠠ ᠳ᠋ᠠ︖

ᠪᠣᠭᠤᠳᠠᠯ ᠳᠠᠮᠵᠢᠭᠤᠷ ᠶᠢᠡᠨ ᠪᠡᠯᠡᠳᠭᠡᠵᠤ

ᠪᠣᠯᠪᠠᠰᠤᠨ ᠵᠠᠩ ᠲᠡᠶ ᠪᠠᠨ ᠭᠦᠷᠦᠶ᠎ᠡ︕

ᠭᠦᠷᠵᠡ ᠭᠤᠤᠲ᠋ᠸᠤ ᠪᠠᠨ ᠡᠭᠦᠷᠦᠶ᠎ᠡ︕

ᠭᠦᠯᠦᠭ᠌ ᠠᠠᠵᠢᠰᠤ ᠪᠠᠨ ᠴᠢᠷᠤᠶ᠎ᠠ︕

ᠭᠢᠷᠦᠭᠡ ᠰᠥᠭᠡ ᠪᠠᠨ ᠮᠦᠷᠤᠯᠠᠶ᠎ᠠ︕

ᠬᠠᠪᠬ᠎ᠠ ᠣᠷᠬ᠎ᠠ ᠪᠠᠨ ᠠᠴᠢᠶ᠎ᠠ︕

ᠥᠭᠡ ᠭᠡᠯᠡ ᠨᠡᠪᠳᠡᠷᠡᠭᠦ ᠦᠭᠡᠶ ᠴᠤ

ᠦᠨᠡᠠᠴᠢ ᠰᠢᠳᠤᠷᠭᠤ ᠣᠪᠣᠷᠯᠠᠶ᠎ᠠ︕

ᠥᠭᠡᠷᠡᠴᠢᠯᠡᠵᠤ ᠨᠡᠭᠡᠭᠡᠤᠨ ᠳᠠᠭᠤᠰᠬᠠᠪᠠᠯ

ᠥᠭᠡᠷ᠎ᠡ ᠭᠠᠷᠠᠭ ᠳᠤᠨᠢ ᠭᠠᠷᠤᠶ᠎ᠠ︕


(2006 ᠣᠨ ᠤ 10 ᠰᠠᠷ᠎ᠠ ᠶᠢᠨ 1 ᠊ᠤ ᠡᠳᠦᠷ)

ᠵᠤᠬᠢᠶᠠᠭᠴᠢ᠄ ᠪᠤᠷᠵᠢᠭᠢᠨ ᠬᠠᠰ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 3230
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ