☆ ᠨᠡᠰᠦᠡᠳᠡᠯᠭᠡᠷ
ᠠᠪᠣ᠂ ᠨᠤᠳᠤᠭ
ᠠᠩᠭᠢᠷ ᠵᠤᠰᠠᠳᠠᠭ ᠨᠠᠭᠤᠷ ᠵᠡᠭᠦᠳᠤ ᠡᠵᠡᠯᠡᠨ ᠳᠤᠨᠤᠷᠠᠬᠤ ᠳᠤ
ᠠᠯᠤᠰ ᠤᠨ ᠠᠯᠤᠰ ᠡᠴᠡ ᠭᠦᠤ ᠴᠢᠨᠢ ᠨᠤᠳᠤᠭ ᠷᠤᠤ (ᠣᠷᠤᠭᠤ) ᠪᠠᠨ ᠶᠠᠭᠠᠷᠠᠨ᠎ᠠ
ᠣᠯᠠᠷᠢᠯ ᠤᠨ ᠵᠢᠮ᠎ᠠ ᠳᠠᠭᠠᠵᠤ ᠨᠠᠰᠤᠨ ᠤ ᠨᠠᠮᠤᠷ ᠳᠦᠭᠦᠭᠦ ᠳᠤ
ᠣᠠᠳᠠᠬᠤ ᠨᠣᠢ᠌ᠷ ᠤᠨ ᠳᠤᠮᠳᠠ ᠴᠤ ᠨᠤᠳᠤᠭ ᠵᠡᠭᠦᠳᠤᠨ ᠳᠤ ᠢᠷᠠᠨ᠎ᠡ
ᠰᠠᠨᠠᠵᠤ ᠰᠠᠨᠠᠵᠤ ᠣᠴᠢᠬᠤ ᠳᠤ ᠨᠤᠳᠤᠭ ᠨᠢᠭᠡ ᠰᠠᠢ᠌ᠬᠠᠨ
ᠰᠠᠢ᠌ᠬᠠᠨ ᠪᠣᠭᠤᠷᠤᠯ ᠠᠪᠣ ᠳᠠᠭᠠᠨ ᠥᠨᠦᠰᠦᠭᠦᠯᠵᠤ ᠵᠤᠯᠭᠠᠬᠤ ᠰᠠᠢ᠌ᠬᠠᠨ
ᠬᠤᠯᠤ ᠲᠡᠶ ᠠᠢ᠌ᠷᠠᠭ ᠱᠤᠤᠭᠢᠵᠤ ᠨᠠᠮᠤᠷ ᠥᠪᠠᠷᠳᠡᠭᠡᠨ ᠰᠤᠭᠳᠤᠬᠤ ᠳᠤ
ᠬᠤᠷᠤᠭᠤᠨ ᠴᠢᠨᠡᠭᠡᠨ ᠦᠷ᠎ᠡ ᠴᠢᠨᠢ ᠨᠤᠳᠤᠭ ᠵᠥᠭ᠌ ᠪᠠᠨ ᠳᠠᠮᠤᠯᠠᠨᠡ
ᠦᠷᠢᠶ᠎ᠠ ᠭᠦᠯᠦᠭ᠌ ᠮᠤᠷᠢᠨ ᠤ ᠳᠠᠪᠭᠢᠭ᠎ᠠ ᠭᠢᠷᠢ ᠨᠢ ᠣᠳᠠᠬᠤ ᠨᠢ
ᠡᠪᠦᠭᠡᠨ ᠪᠣᠭᠤᠷᠤᠯ ᠠᠪᠣ ᠳᠠᠭᠠᠨ ᠥᠨᠦᠰᠦᠭᠦᠯᠵᠤ ᠵᠤᠯᠭᠠᠬᠤ ᠶᠢ ᠶᠠᠭᠠᠷᠠᠨ᠎ᠠ
ᠰᠠᠨᠠᠵᠤ ᠰᠠᠨᠠᠵᠤ ᠣᠴᠢᠬᠤ ᠳᠤ ᠨᠤᠳᠤᠭ ᠨᠢᠭᠡ ᠰᠠᠢ᠌ᠬᠠᠨ
ᠰᠠᠢ᠌ᠬᠠᠨ ᠪᠣᠭᠤᠷᠤᠯ ᠠᠪᠣ ᠳᠠᠭᠠᠨ ᠥᠨᠦᠰᠦᠭᠦᠯᠵᠤ ᠵᠤᠯᠭᠠᠬᠤ ᠶᠢ ᠶᠠᠭᠠᠷᠠᠨ᠎ᠠ
ᠪᠠᠷ᠎ᠠ ᠪᠠᠷ᠎ᠠ ᠳᠠᠭᠠᠨ ᠬᠠᠨᠢᠰᠤᠭᠰᠠᠨ ᠳᠠᠪᠤᠨ ᠪᠣᠭᠳᠠ ᠪᠠᠨ ᠰᠢᠷᠳᠡᠭᠦ ᠳᠤ
ᠪᠠᠭ᠎ᠠ ᠶᠢᠨ ᠨᠠᠰᠤᠨ ᠤ ᠳᠤᠷᠠᠰᠤᠮᠵᠢ ᠪᠣᠳᠤᠯ ᠰᠠᠮᠠᠯᠠᠨ ᠣᠶᠠᠩᠭ᠋ᠠᠷᠠᠨ᠎ᠠ
ᠣᠷᠳᠤ ᠶᠢᠨ ᠳᠠᠭᠤᠤ ᠰᠢᠭ ᠣᠶᠠᠩᠭ᠋ᠠᠯᠢᠭ ᠠᠪᠣ ᠨᠤᠳᠤᠭ ᠬᠤᠶᠠᠷ ᠲᠠᠭᠠᠨ
ᠣᠴᠠᠷᠠᠨ ᠵᠤᠯᠭᠠᠬᠤ ᠶᠢᠨ ᠢᠷᠦᠭᠡᠯ ᠦᠷ᠎ᠡ ᠶᠢᠨ ᠵᠢᠶᠠᠭᠠᠨ ᠳᠤ ᠳᠤᠳᠤᠷᠠᠨ᠎ᠠ
ᠰᠠᠨᠠᠵᠤ ᠰᠠᠨᠠᠵᠤ ᠣᠴᠢᠬᠤ ᠳᠤ ᠨᠤᠳᠤᠭ ᠨᠢᠭᠡ ᠰᠠᠢ᠌ᠬᠠᠨ
ᠰᠠᠢ᠌ᠬᠠᠨ ᠪᠣᠭᠤᠷᠤᠯ ᠠᠪᠣ ᠳᠠᠭᠠᠨ ᠥᠨᠦᠰᠦᠭᠦᠯᠵᠤ ᠵᠤᠯᠭᠠᠬᠤ ᠰᠠᠢ᠌ᠬᠠᠨ
2008ᠣᠨ ᠤ 2 ᠰᠠᠷ᠎ᠠ
ᠲᠦᠪ ᠠᠢ᠌ᠮᠠᠭ ᠤᠨ ᠭᠦᠭᠡ ᠴᠢᠯᠠᠭᠤᠳᠤ ᠶᠢᠨ ᠡᠪᠦᠯᠵᠢᠶᠡᠨ ᠳ᠋ᠤ
ᠵᠤᠬᠢᠶᠠᠭᠴᠢ ᠶᠢᠨ ᠬᠠᠶᠢᠭ ᠄ ᠡᠷᠢᠶᠡᠨ ᠬᠤᠳᠠ
ᠵᠤᠬᠢᠶᠠᠭᠴᠢ᠄ ᠨᠡᠰᠦᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2009 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ