ᠨᠡᠪᠲᠡᠷᠡᠨ ᠤᠷᠤᠬᠤ
ᠨᠠᠮ ᠵᠢᠮ ᠢ ᠴᠢᠩᠨᠠᠬᠤᠢ

ᠴᠡᠭᠡᠯ ᠤᠨ ᠴᠢᠯᠠᠭᠤᠳ ᠤᠨ ᠵᠢᠭᠠᠰᠤᠨ ᠭᠡᠳᠡᠭᠡ ᠶᠢ ᠭᠠᠢ᠌ᠬᠠᠵᠤ ᠴᠢᠩᠨᠠᠮᠠᠷ

ᠰᠠᠮ ᠳᠤᠷᠠᠯᠠᠬᠤ ᠬᠡᠦᠭᠡᠨ ᠪᠦᠱᠦᠭᠦᠷᠭᠡᠯ ᠢ ᠢᠴᠢᠭᠡᠵᠤ ᠴᠢᠩᠨᠠᠮᠠᠷ

ᠰᠤᠳᠠᠯ ᠶᠢᠡᠷ ᠮᠢᠨᠢ ᠯᠤᠭᠰᠢᠬᠤ ᠭᠡᠷᠡᠯ ᠤᠨ ᠣᠷᠤᠰᠬᠠᠯ ᠢ ᠰᠠᠯᠢᠵᠤ ᠴᠢᠩᠨᠠᠮᠠᠷ

ᠰᠠᠷᠬᠤᠤᠨ ᠤᠨ ᠥᠭᠡ ᠶᠢ ᠬᠤᠠᠳᠠᠭᠠᠨ ᠡᠴᠡ ᠠᠮᠵᠢᠵᠤ ᠨᠢᠭᠤᠵᠤ ᠴᠢᠩᠨᠠᠮᠠᠷ

ᠰᠠᠠᠰᠠᠷ ᠤᠨ ᠡᠴᠢᠨᠡᠭᠢ ᠠᠮᠢ ᠶᠢᠨ ᠳᠤᠭᠢᠶ᠎ᠠ ᠶᠢ ᠦᠨᠳᠠᠢ᠌ᠵᠤ ᠴᠢᠩᠨᠠᠮᠠᠷ

ᠳᠤᠭᠤᠷᠠᠢ ᠶᠢᠨ ᠳᠠᠮᠠᠭ᠎ᠠ ᠲᠡᠶ ᠭᠠᠵᠠᠷ ᠤᠨ ᠭᠡ ᠶᠢ ᠳᠤᠭᠠᠯᠠᠵᠤ ᠴᠢᠩᠨᠠᠮᠠᠷ

ᠳᠡᠮᠡᠭᠡᠨ ᠨᠤᠤᠰᠤᠨ ᠳᠠᠭᠢ ᠡᠴᠦᠰ ᠤᠨ ᠠᠮᠢᠰᠬᠤᠭ᠎ᠠ ᠶᠢ ᠵᠢᠷᠦᠭᠡ ᠪᠠᠷ ᠶᠢᠡᠨ ᠴᠢᠩᠨᠠᠮᠠᠷ

ᠮᠤᠳᠤᠨ ᠤ ᠭᠤᠮᠤᠳᠠᠯ ᠢ ᠳᠦᠯᠡᠢ ᠭᠦᠮᠤᠨ ᠰᠢᠭ᠌ ᠳᠦᠯᠠᠷᠠᠵᠤ ᠴᠢᠩᠨᠠᠮᠠᠷ

ᠣᠳᠤᠨ ᠤ ᠳᠤᠶᠠᠭ᠎ᠠ ᠶᠢ ᠰᠤᠬᠤᠷ ᠭᠦᠮᠤᠨ ᠰᠢᠭ᠌ ᠳᠠᠮᠳᠠᠷᠢᠵᠤ ᠴᠢᠩᠨᠠᠮᠠᠷ

ᠨᠠᠰᠤ ᠪᠠᠨ ᠳ᠋ᠦ᠋ᠩᠨᠡᠭ᠍ᠰᠡᠨ ᠰᠦᠨᠠᠰᠤᠨ ᠤ ᠳᠠᠢ᠌ᠯᠤᠯ ᠢ ᠪᠦᠭᠦᠵᠤ ᠴᠢᠩᠨᠠᠮᠠᠷ

ᠶᠠᠰᠤ ᠪᠠᠨ ᠴᠠᠢ᠌ᠯᠭᠠᠭᠰᠠᠨ ᠳᠡᠭᠡᠳᠦᠰ ᠤᠨ ᠰᠤᠷᠭᠠᠯ ᠢ ᠨᠡᠭᠡᠵᠤ ᠴᠢᠩᠨᠠᠮᠠᠷ

ᠨᠠᠳᠠ ᠡᠴᠡ ᠥᠭᠡᠷ᠎ᠡ ᠶᠠᠭᠤ ᠪᠦᠭᠦᠨ ᠢ ᠭᠡᠳᠡᠵᠤ ᠴᠢᠩᠨᠠᠮᠠᠷ

ᠨᠠᠰᠤᠨ ᠡᠴᠡ ᠪᠠᠨ ᠪᠣᠰᠤᠳ ᠶᠠᠭᠤᠮ᠎ᠠ ᠪᠦᠭᠦᠢ ᠶᠢ ᠰᠢᠭᠦᠵᠤ ᠴᠢᠩᠨᠠᠮᠠᠷ


ᠨᠠᠮ ᠵᠢᠮ


ᠳᠤᠰᠤᠯᠬᠠᠨ ᠨᠢᠯᠪᠣᠰᠤᠨ ᠳᠤ ᠴᠤ ᠵᠠᠢ᠌ᠷᠳᠤᠳᠠᠭ ᠳᠡᠯᠡᠭᠡᠢ ᠡᠵᠢ ᠳᠡᠭᠡᠨ

ᠭᠦᠢ ᠶᠢ ᠮᠢᠨᠢ ᠳᠠᠷᠤᠭᠰᠠᠨ ᠴᠢᠯᠠᠭᠤ ᠪᠠᠷ ᠠᠷᠭᠠᠮᠵᠢᠵᠤ

ᠭᠦᠮᠤᠨ ᠰᠤᠳᠤᠨ ᠬᠠᠢ᠌ᠷ᠎ᠠ ᠪᠠᠷ ᠵᠢᠷᠦᠭᠡ ᠶᠢ ᠮᠢᠨᠢ ᠰᠥᠯᠡᠭ᠍ᠰᠡᠨ

ᠭᠦᠯ ᠳᠤ ᠣᠷᠤᠬᠤ ᠳᠤ ᠳᠠᠯ᠎ᠠ ᠨᠢ ᠲᠦᠰᠢᠵᠤ

ᠭᠦᠪᠠᠭᠡ ᠦᠭᠡᠶ ᠠᠯᠤᠰ ᠳᠠᠰᠢ ᠰᠠᠨᠠᠭ᠎ᠠ ᠶᠢ ᠭᠦᠳᠦᠯᠦᠭ᠍ᠰᠡᠨ

ᠭᠦ ᠰᠥ᠋ ᠬᠠᠷᠰᠢᠭᠰᠠᠨ ᠡᠳᠦᠷ ᠰᠦᠨᠢ ᠪᠠᠨ ᠠᠷᠭᠠᠳᠠᠵᠤ

ᠨᠠᠷᠠᠨ ᠰᠠᠷᠠᠨ ᠣᠳᠤ ᠨᠢ ᠭᠡᠷᠡᠯ ᠶᠢᠡᠷ ᠶᠢᠡᠨ ᠳᠤᠭᠯᠠᠭᠰᠠᠨ

ᠭᠦᠭᠡᠷᠦᠭᠦᠨ ᠠᠯᠠᠭ ᠨᠢᠳᠤᠨ ᠤ ᠳᠤᠰᠤᠯᠬᠠᠨ ᠨᠢᠯᠪᠣᠰᠤᠨ ᠳᠤ ᠴᠤ ᠵᠠᠢ᠌ᠷᠳᠤᠳᠠᠭ

ᠭᠦᠪᠴᠢᠨ ᠶᠡᠭᠡ ᠳᠡᠯᠡᠭᠡᠢ ᠮᠢᠨᠢ ᠡᠮᠵᠡᠭ᠍‍ᠭᠡᠨ ᠨᠢ ᠠᠷᠭ᠎ᠠ ᠦᠭᠡᠶ


ᠴᠠᠰᠤᠨ ᠤ ᠮᠦᠷ


ᠰᠢᠨᠡᠭᠡᠨ ᠴᠠᠰᠤᠨ ᠤ ᠳᠠᠷᠠᠭ᠎ᠠ ᠴᠠᠭᠠᠨ ᠳᠡᠯᠡᠭᠡᠢ ᠪᠣᠯᠤᠨ᠎ᠠ

ᠰᠢᠯᠢ ᠳᠠᠪᠠᠭᠤᠯᠤᠨ ᠳᠡᠭ᠍ᠷᠢ ᠶᠢᠨ ᠬᠠᠶᠠᠭᠠᠨ ᠳᠤ ᠬᠠᠷᠠᠭ᠎ᠠ ᠣᠨᠠᠨ᠎ᠠ

ᠴᠠᠭᠠᠰᠤᠨ ᠳᠡᠭᠡᠷ᠎ᠡ ᠪᠠᠭᠤᠬᠤ ᠰᠢᠯᠦᠭ᠌ ᠤᠨ ᠣᠩᠭ᠋ᠤᠳ ᠮᠠᠳᠤ

ᠴᠠᠰᠤᠨ ᠤ ᠡᠯᠢᠭᠡ ᠭᠡᠳᠡᠭᠡᠯᠡᠵᠤ ᠮᠦᠷ ᠶᠢᠡᠨ ᠥᠯᠡᠳᠡᠭᠡᠵᠤ ᠣᠳᠤᠨ᠎ᠠ

ᠰᠦᠨ ᠰᠠᠴᠤᠯᠢ ᠡᠷᠭᠦᠭ᠍ᠰᠡᠨ ᠴᠠᠢ᠌ᠯᠭᠠᠨ ᠰᠠᠨᠠᠭᠠᠨ ᠤ ᠦᠷᠦ ᠳᠡᠭᠡᠭᠦᠷ

ᠰᠦᠮᠠᠢ᠌ᠨ ᠰᠥᠮᠡᠢ᠌ᠭᠦ ᠠᠯᠤᠰ ᠲᠤ ᠢᠷᠦᠭᠡᠯ ᠤᠨ ᠬᠠᠳᠠᠭ ᠳᠡᠯᠭᠡᠵᠤ ᠣᠴᠢᠨ᠎ᠠ

ᠳᠠᠯ᠎ᠠ ᠶᠢ ᠳᠤᠭᠤᠯᠵᠤ ᠠᠭᠤᠯᠠ ᠶᠢ ᠳᠠᠪᠠᠵᠤ ᠨᠠᠷᠠᠨ ᠳᠤ ᠭᠦᠷᠦᠨ᠎ᠡ

ᠳᠠᠪᠤᠨ ᠥᠩᠭᠡ ᠶᠢᠨ ᠴᠡᠴᠡᠭ᠌ ᠮᠦᠷ ᠢ ᠨᠢ ᠴᠢᠮᠠᠵᠤ ᠣᠷᠭᠤᠨ᠎ᠠ

ᠳᠠᠩᠭᠢᠯ ᠭᠦᠭᠡᠷᠦᠭᠦᠨ ᠡᠷᠪᠠᠭᠡᠢ ᠴᠠᠰᠤᠨ ᠤ ᠥᠩᠭᠡ ᠳᠠᠭᠤᠴᠠᠯᠳᠤᠨ

ᠳᠠᠪᠤᠨ ᠳᠢᠪ ᠢ ᠳᠤᠭᠤᠷᠢᠭᠠᠤᠨ ᠳᠦᠷᠪᠡᠨ ᠣᠯᠠᠷᠢᠯ ᠳᠤ ᠭᠦᠷᠦᠨ᠎ᠡ

ᠴᠠᠰᠤ ᠴᠠᠭᠠᠨ ᠳᠡᠯᠡᠭᠡᠢ ᠳᠤ ᠮᠦᠷ ᠶᠢᠡᠨ ᠥᠯᠡᠳᠡᠭᠡᠵᠤ ᠣᠳᠤᠭᠰᠠᠨ

ᠴᠠᠭᠠᠨ ᠪᠣᠭᠤᠷᠤᠯ ᠨᠠᠰᠤᠳᠠᠤᠨ ᠢ ᠴᠠᠭ ᠤᠨ ᠰᠠᠭᠠᠬᠠᠯᠳᠠ ᠳᠤ ᠳᠤᠷᠠᠰᠤᠨ᠎ᠠ

ᠴᠢᠷᠮᠠᠨ ᠨᠢᠴᠦᠭᠦᠨ ᠢᠷᠡᠭ᠍ᠰᠡᠨ ᠭᠦᠮᠤᠨ ᠵᠠᠶᠠᠭᠠᠨ ᠤ ᠳᠤᠤᠯᠢ

ᠰᠠᠷᠠ ᠨᠠᠷᠠ ᠶᠢᠨ ᠳᠤᠭᠤᠷᠢᠯᠳᠠ ᠪᠠᠷ ᠠᠶᠠᠨ ᠤ ᠭᠠᠷᠤᠭ᠎ᠠ ᠪᠠᠨ ᠡᠭᠢᠯᠡᠨ᠎ᠡ

ᠵᠤᠬᠢᠶᠠᠭᠴᠢ᠄ ᠭ·ᠮᠥᠩᠭᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2742
ᠴᠠᠭ᠄ 2009 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ