ᠨᠡᠪᠲᠡᠷᠡᠨ ᠤᠷᠤᠬᠤ
ᠴᠡᠭᠡᠵᠢᠯᠡᠳᠡᠭ᠌ ᠪᠢᠯᠠ ᠴᠢ

ᠡᠳᠦᠷ ᠤᠨ ᠠᠵᠢᠯ ᠶᠢᠡᠷ ᠪᠦᠳᠦᠷᠢᠭᠡᠳ ᠳᠤᠭᠤᠯᠠᠩ ᠪᠣᠯᠤᠭᠰᠠᠨ ᠢ

          ᠴᠡᠭᠡᠵᠢᠯᠡᠳᠡᠭ᠌ ᠦᠭᠡᠶ ᠪᠢᠯᠠ ᠴᠢ

ᠡᠮᠤᠨ᠎ᠡ ᠠᠢ᠌ᠯ ᠤᠨ ᠨᠤᠬᠠᠢ ᠳᠤ ᠰᠦᠨᠢ ᠪᠠᠷ ᠭᠦᠭᠡᠭᠡᠭ᠍ᠳᠡᠭᠡᠳ

          ᠬᠠᠵᠠᠭᠠᠷ ᠪᠣᠯᠤᠭᠰᠠᠨ ᠢ ᠴᠡᠭᠡᠵᠢᠯᠡᠳᠡᠭ᠌ ᠪᠢᠯᠠ ᠴᠢ

ᠦᠪᠡᠷ ᠤᠨ ᠭᠡᠷ ᠡᠴᠠ ᠰᠦᠨᠢ ᠲᠦᠯᠢ ᠪᠠᠷ ᠶᠠᠪᠣᠭᠰᠠᠨ ᠢ

          ᠴᠡᠭᠡᠵᠢᠯᠡᠳᠡᠭ᠌ ᠦᠭᠡᠶ ᠪᠢᠯᠠ ᠴᠢ

ᠦᠷ ᠤᠨ ᠰᠦᠨᠢ ᠪᠠᠷ ᠵᠡᠭᠦᠨ ᠠᠢ᠌ᠯ ᠡᠴᠠ ᠬᠠᠷᠢᠵᠤ ᠢᠷᠡᠭ᠍ᠰᠡᠨ ᠢ

          ᠴᠡᠭᠡᠵᠢᠯᠡᠳᠡᠭ᠌ ᠪᠢᠯᠠ ᠴᠢ

ᠡᠮᠦᠰᠦᠭ᠍ᠰᠡᠨ ᠭᠤᠳᠤᠯ ᠤᠨ ᠣᠯᠠ ᠶᠢ ᠴᠡᠭᠡᠵᠢᠯᠡᠳᠡᠭ᠌ ᠦᠭᠡᠶ ᠪᠢᠯᠠ ᠴᠢ

ᠥᠨᠡᠭᠡᠨ ᠬᠠᠷᠠᠩᠭ᠋ᠤᠢ ᠪᠠᠷ ᠦᠨᠡᠰᠤᠨ ᠣᠪᠣᠭᠠᠨ ᠡᠴᠠ ᠶᠠᠪᠣᠭᠰᠠᠨ

          ᠮᠦᠷ ᠢ ᠴᠡᠭᠡᠵᠢᠯᠡᠳᠡᠭ᠌ ᠪᠢᠯᠠ ᠴᠢ

ᠥᠨᠦᠰᠦᠭᠡᠳ ᠭᠠᠷᠬᠤ ᠣᠷᠤᠭᠤᠯ ᠢ ᠴᠡᠭᠡᠵᠢᠯᠡᠳᠡᠭ᠌ ᠦᠭᠡᠶ ᠪᠢᠯᠠ ᠴᠢ

ᠥᠨᠦᠷᠯᠡᠭᠡᠳ ᠮᠡᠳᠡᠷᠡᠭᠦ ᠭᠢᠩᠭ᠋ᠠᠨ ᠬᠠᠮᠠᠷ ᠢ ᠴᠡᠭᠡᠵᠢᠯᠡᠳᠡᠭ᠌ ᠪᠢᠯᠠ ᠴᠢ

ᠭᠦᠭᠡᠷᠴᠤ ᠳᠤᠭᠯᠠᠳᠠᠭ ᠭᠦᠮᠤᠨ ᠤ ᠵᠢᠰᠤ ᠶᠢ ᠴᠡᠭᠡᠵᠢᠯᠡᠳᠡᠭ᠌ ᠦᠭᠡᠶ ᠪᠢᠯᠠ ᠴᠢ

ᠭᠦᠷᠨᠢᠵᠤ ᠭᠡᠯᠡᠭ᠍ᠰᠡᠨ ᠬᠤᠭᠤᠯᠢ ᠶᠢᠨ ᠰᠢᠩᠭᠡᠨ ᠪᠦᠳᠦᠭᠦᠨ ᠢ ᠴᠡᠭᠡᠵᠢᠯᠡᠳᠡᠭ᠌ ᠪᠢᠯᠠ ᠴᠢ

ᠡᠮᠦᠰᠴᠤ ᠵᠡᠭᠦᠭ᠍ᠰᠡᠨ ᠬᠠᠠᠳᠠᠭᠠᠵᠠ ᠶᠢ ᠴᠡᠭᠡᠵᠢᠯᠡᠳᠡᠭ᠌ ᠦᠭᠡᠶ ᠪᠢᠯᠠ ᠴᠢ  

ᠦᠷᠤᠪᠴᠢᠨ ᠡᠴᠠ ᠬᠠᠩᠬᠤᠯᠠᠭᠰᠠᠨ ᠭᠦᠯᠦᠰᠤᠨ ᠤ ᠦᠨᠦᠷ ᠢ

          ᠴᠡᠭᠡᠵᠢᠯᠡᠳᠡᠭ᠌ ᠪᠢᠯᠠ ᠴᠢ

ᠡᠪᠴᠢᠭᠦᠤ ᠴᠡᠭᠡᠵᠢᠨ ᠳᠤ ᠨᠠᠭᠠᠯᠳᠤᠬᠤ ᠬᠠᠴᠠᠷ ᠢ ᠴᠡᠭᠡᠵᠢᠯᠡᠳᠡᠭ᠌ ᠦᠭᠡᠶ ᠪᠢᠯᠠ ᠴᠢ

ᠥᠡᠳᠡᠭᠡᠨ ᠴᠠᠭᠠᠨ ᠭᠦᠵᠦᠭᠦᠤ ᠶᠢ ᠡᠷᠪᠠᠭᠡᠨᠡᠨ ᠬᠠᠳᠬᠤᠯᠠᠬᠤ

          ᠰᠠᠬᠠᠯ ᠢ ᠴᠡᠭᠡᠵᠢᠯᠡᠳᠡᠭ᠌ ᠪᠢᠯᠡ ᠴᠢ

ᠢᠷᠡᠭ᠍ᠰᠡᠨ ᠮᠤᠲ᠋ᠤᠷ ᠤᠨ ᠥᠩᠭᠡ ᠳᠦᠷᠰᠤ ᠶᠢ ᠴᠡᠭᠡᠵᠢᠯᠡᠳᠡᠭ᠌ ᠦᠭᠡᠶ ᠪᠢᠯᠠ ᠴᠢ

ᠬᠤᠯᠠ ᠶᠢᠨ ᠬᠤᠯᠠ ᠡᠴᠠ ᠲ᠋ᠤᠤᠭᠠᠷᠠᠭᠠᠤᠨ ᠢᠷᠡᠭᠦ ᠠᠶᠠᠰ ᠶᠢᠡᠷ

          ᠭᠡᠨ ᠤ ᠮᠤᠲ᠋ᠤᠷ ᠭᠡᠳᠡᠭ᠌ ᠢ ᠴᠡᠭᠡᠵᠢᠯᠡᠳᠡᠭ᠌ ᠪᠢᠯᠠ ᠴᠢ

ᠡᠳᠦᠷ ᠤᠨ ᠭᠡᠯᠡᠭ᠍ᠰᠡᠨ ᠥᠭᠡ ᠶᠢ ᠴᠡᠭᠡᠵᠢᠯᠡᠳᠡᠭ᠌ ᠦᠭᠡᠶ ᠪᠢᠯᠠ ᠴᠢ

ᠦᠳᠡᠰᠢ ᠶᠢᠨ ᠳᠠᠷᠠᠨ ᠳᠡᠭᠡᠷ᠎ᠡ ᠰᠢᠪᠠᠨᠡᠭ᠍ᠰᠡᠨ ᠢ ᠴᠡᠭᠡᠵᠢᠯᠡᠳᠡᠭ᠌ ᠪᠢᠯᠠ ᠴᠢ

ᠬᠠᠷᠠᠬᠤ ᠨᠢᠳᠤᠨ ᠤ ᠠᠨᠢᠭᠠᠷ ᠭᠢᠯᠠᠷ ᠢ ᠴᠡᠭᠡᠵᠢᠯᠡᠳᠡᠭ᠌ ᠦᠭᠡᠶ ᠪᠢᠯᠠ ᠴᠢ

ᠬᠠᠨᠤᠬᠤ ᠪᠠᠨ ᠮᠡᠳᠡᠳᠡᠭ᠌ ᠦᠭᠡᠶ ᠬᠠᠯᠠᠭᠤᠷᠠᠯ ᠤᠨ ᠬᠠᠷᠠᠴᠠ ᠶᠢ ᠴᠡᠭᠡᠵᠢᠯᠡᠳᠡᠭ᠌ ᠪᠢᠯᠠ ᠴᠢ

ᠪᠠᠯᠭᠦᠭᠡᠰᠤᠨ ᠤ ᠨᠠᠷᠢᠨ ᠪᠦᠳᠦᠭᠦᠨ ᠢ ᠴᠡᠭᠡᠵᠢᠯᠡᠳᠡᠭ᠌ ᠦᠭᠡᠶ ᠪᠢᠯᠠ ᠴᠢ

ᠪᠠᠷᠭᠡ ᠦᠷᠭᠡᠨ ᠬᠠᠨᠠᠭᠠᠷ ᠴᠡᠭᠡᠵᠢᠨ ᠢ ᠴᠡᠭᠡᠵᠢᠯᠡᠳᠡᠭ᠌ ᠪᠢᠯᠠ ᠴᠢ

ᠭᠠᠷ ᠤᠨ ᠮᠠᠭᠤᠬᠠᠢ ᠶᠢ ᠴᠡᠭᠡᠵᠢᠯᠡᠳᠡᠭ᠌ ᠦᠭᠡᠶ ᠪᠢᠯᠠ ᠴᠢ

ᠭᠠᠭᠴᠠᠬᠠᠨ ᠳᠠᠳᠠᠭᠠᠤᠨ ᠳᠠᠢ᠌ᠯᠠᠳᠠᠭ ᠭᠦᠴᠤ ᠶᠢ ᠴᠡᠭᠡᠵᠢᠯᠡᠳᠡᠭ᠌ ᠪᠢᠯᠠ ᠴᠢ

ᠪᠡᠯᠡᠳᠭᠡᠭᠡᠳ ᠭᠦᠯᠢᠶᠡᠳᠡᠭ᠌ ᠶᠢᠡᠨ ᠦᠷᠯᠦᠭᠡ ᠪᠣᠯᠤᠭᠰᠠᠨ ᠴᠤ

          ᠴᠡᠭᠡᠵᠢᠯᠡᠳᠡᠭ᠌ ᠦᠭᠡᠶ ᠪᠢᠯᠠ ᠴᠢ

ᠪᠠᠯᠠᠨ ᠪᠣᠯᠤᠭᠠᠤᠨ ᠪᠣᠷᠤᠭᠠᠨ ᠰᠢᠭ ᠪᠠᠭᠤᠳᠠᠭ ᠢ ᠪᠣᠭᠤᠷᠤᠯ ᠪᠣᠯᠤᠭᠰᠠᠨ ᠴᠤ

          ᠴᠡᠭᠡᠵᠢᠯᠡᠳᠡᠭ᠌ ᠪᠢᠯᠠ ᠴᠢ

ᠭᠦᠷᠭᠡᠨ ᠠᠬ᠎ᠠ ᠶᠢᠨ ᠭᠦᠷᠡᠯ ᠮᠸᠲ᠋ᠡᠯ ᠶᠢᠡᠷ ᠱᠠᠩᠨᠠᠭᠳᠠᠭᠰᠠᠨ ᠵᠢᠱᠢᠶᠠᠴᠢ ᠵᠢ

          ᠴᠡᠭᠡᠵᠢᠯᠡᠳᠡᠭ᠌ ᠦᠭᠡᠶ ᠪᠢᠯᠠ ᠴᠢ

ᠭᠦᠳᠡᠭᠡ ᠠᠢ᠌ᠯ ᠭᠦᠮᠤᠨ ᠤ ᠪᠦᠰᠡᠭᠦᠢ ᠶᠢᠨ ᠳᠤ ᠰᠤᠭᠳᠤᠭᠰᠠᠨ ᠢ

          ᠴᠡᠭᠡᠵᠢᠯᠡᠳᠡᠭ᠌ ᠪᠢᠯᠠ ᠴᠢ᠃



ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10170
ᠴᠠᠭ᠄ 2012 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ