ᠨᠡᠪᠲᠡᠷᠡᠨ ᠤᠷᠤᠬᠤ
ᠳᠡᠯᠡᠭᠡᠢ ᠶᠢᠨ ᠡᠭᠦᠳᠡ
ᠠᠯᠠᠭ ᠠᠭᠤᠯᠠ ᠶᠢᠨ ᠭᠢᠯᠢ ᠶᠢᠨ ᠪᠣᠭᠤᠮᠳᠠ ᠶᠢ ᠥᠵᠡᠭᠡᠳ

          

           (ᠭᠦᠳᠦᠯᠡᠭᠡ ᠨᠢᠭᠡ)


ᠠᠭᠤᠳᠠᠮ ᠳᠠᠯ᠎ᠠ ᠶᠢ᠌ ᠵᠦᠰᠤᠵᠤ

ᠳᠡᠯᠡᠭᠡᠢ ᠶᠢᠨ ᠭᠦᠮᠦᠰ ᠢᠷᠠᠨ᠎ᠠ

ᠣᠷᠳᠤ ᠪᠣᠬ᠎ᠠ ᠣᠷᠭᠢᠯᠠᠨ

ᠳᠤᠮᠳᠠᠳᠤ ᠧᠦ᠋ᠷᠦᠫᠠ ᠶᠢ ᠬᠤᠯᠪᠣᠨ᠎ᠠ


ᠵᠡᠭᠦᠳᠤ ᠭᠦᠰᠡᠯ ᠪᠠᠶᠡᠯᠡᠭ᠍ᠳᠡᠵᠤ

ᠬᠠᠭᠠᠴᠠᠭᠰᠠᠨ ᠬᠤᠶᠠᠷ ᠵᠤᠯᠭᠠᠨ᠎ᠠ

ᠵᠢᠷᠦᠭᠡ ᠰᠡᠳᠬᠢᠯ ᠭᠦᠪᠦᠯᠵᠡᠨ

ᠬᠠᠢ᠌ᠷ᠎ᠠ ᠶᠢᠨ ᠬᠠᠯᠠᠭᠤᠨ ᠳᠤ ᠰᠢᠳᠠᠨ᠎ᠠ


ᠠᠯᠠᠭ ᠳᠤᠭᠤᠯ ᠤᠨ ᠰᠢᠪᠠᠭᠤ

ᠡᠪᠢ ᠶᠢᠨ ᠨᠠᠭᠤᠷ ᠵᠥᠭ᠌ ᠨᠢᠰᠤᠨ᠎ᠠ

ᠡᠪᠦᠭᠡᠳ ᠤᠨ ᠠᠭᠤᠳᠠᠮ ᠨᠤᠳᠤᠭ

ᠠᠯᠤᠰ ᠤᠨ ᠪᠠᠷ᠎ᠠ ᠳᠤ ᠳᠤᠳᠤᠷᠠᠨ᠎ᠠ


ᠭᠦᠰᠡᠯ ᠤᠨ ᠣᠯᠠᠨ ᠰᠢᠪᠠᠭᠤᠳ

ᠡᠷᠭᠡ ᠴᠢᠯᠦᠭᠡ ᠲᠡᠶ ᠵᠢᠷᠭᠢᠨ᠎ᠠ

ᠭᠢᠵᠠᠭᠠᠷ ᠦᠭᠡᠶ ᠳᠠᠯ᠎ᠠ

ᠥᠩᠭᠡ ᠢᠯᠭᠠᠷᠠᠨ ᠨᠠᠯᠠᠬᠠᠢ᠌ᠨ᠎ᠠ


ᠳᠡᠦᠭᠡ ᠶᠢᠨ ᠴᠡᠭᠡᠷ ᠪᠠᠨ ᠳᠠᠢ᠌ᠯᠠᠭᠰᠠᠨ

ᠠᠯᠠᠭ ᠠᠭᠤᠯᠠ ᠮᠢᠨᠢ ᠰᠡᠭᠦᠢᠨ᠎ᠡ

ᠳᠡᠭ᠍ᠷᠢ ᠶᠢᠨ ᠣᠯᠠᠨ ᠠᠳᠤᠭᠤ

ᠠᠮᠠᠷ ᠳᠠᠪᠠᠷ ᠳᠠᠪᠭᠢᠯᠳᠤᠨ᠎ᠠ


ᠰᠠᠠᠰᠠᠷ ᠤᠨ ᠡᠭᠦᠳᠡ ᠨᠡᠭᠡᠭᠡᠭ᠍ᠳᠡᠵᠤ

ᠭᠦᠭᠦᠷ ᠶᠢᠡᠨ ᠬᠠᠷᠢᠯᠴᠠᠨ ᠰᠤᠯᠢᠯᠴᠠᠨ᠎ᠠ

ᠰᠦᠨ ᠴᠠᠭᠠᠨ ᠰᠡᠳᠬᠢᠯ ᠨᠢ

ᠭᠦᠭ᠍ᠰᠡᠨ ᠳᠠᠷᠪᠠᠨ ᠪᠠᠶᠠᠰᠠᠨ᠎ᠠ


ᠳᠢᠪ ᠠᠯᠤᠰᠯᠠᠭᠰᠠᠨ ᠳᠡᠷᠭᠡ

ᠭᠦᠰᠡᠯ ᠠᠴᠢᠵᠤ ᠳᠠᠪᠭᠢᠨ᠎ᠠ

ᠳᠦᠷᠤ ᠭᠦᠷᠤᠨ ᠤ ᠬᠠᠷᠢᠴᠠᠭ᠎ᠠ

ᠭᠢᠯᠢ ᠦᠭᠡᠶ ᠰᠤᠯᠤᠩᠭ᠋ᠠᠷᠠᠨ᠎ᠠ ᠡ


ᠠᠭᠤᠳᠠᠮ ᠳᠠᠯ᠎ᠠ ᠶᠢ᠌ ᠵᠦᠰᠤᠵᠤ

ᠳᠡᠯᠡᠭᠡᠢ ᠶᠢᠨ ᠭᠦᠮᠦᠰ ᠢᠷᠠᠨ᠎ᠠ

ᠣᠷᠳᠤ ᠪᠣᠬ᠎ᠠ ᠣᠷᠭᠢᠯᠠᠨ

ᠳᠤᠮᠳᠠᠳᠤ ᠧᠦ᠋ᠷᠦᠫᠠ ᠶᠢ ᠬᠤᠯᠪᠣᠨ᠎ᠠ  ᠃


           ᠡᠵᠡᠨ ᠬᠤᠷᠤᠭ᠎ᠠ ᠳᠤ ᠨᠢᠭᠡ ᠭᠦᠷᠭᠦ ᠶᠤᠮᠰᠠᠨ


ᠰᠤᠳᠤᠷ ᠳᠡᠦᠭᠡ ᠶᠢᠨ ᠭᠡᠭᠡᠪᠴᠢ ᠪᠠᠷ ᠬᠠᠷᠠᠳᠠᠭ ᠪᠠᠢ᠌ᠭᠰᠠᠨ

ᠰᠦᠯᠳᠡ ᠪᠣᠰᠤᠭ᠎ᠠ ᠳᠡᠭᠡᠳᠦᠰ ᠤᠨ ᠠᠷᠢᠭᠤᠨ ᠨᠤᠳᠤᠭ

ᠳᠠᠶᠠᠩ ᠳᠡᠯᠡᠭᠡᠢ ᠳ᠋ᠠᠭᠢ ᠬᠠᠢ᠌ᠷ᠎ᠠ ᠶᠢᠨ ᠳᠠᠮᠡᠤᠯᠡᠯ

ᠰᠢᠯᠦᠭ᠌ ᠨᠠᠢ᠌ᠷᠠᠭ ᠤᠨ ᠣᠶᠠᠩᠭ᠋᠎ᠠ ᠶᠢᠨ ᠨᠤᠲ᠋

ᠳᠡᠭᠡᠳᠦᠰ ᠶᠢᠡᠨ ᠳᠠᠭᠢᠳᠠᠭ ᠣᠩᠭ᠋ᠤᠨ ᠣᠪᠣᠭ᠎ᠠ

ᠰᠤᠳᠤᠨ ᠭᠦᠮᠤᠨ ᠤ ᠮᠥᠩᠭᠡ ᠶᠢᠨ ᠭᠦᠰᠢᠶ᠎ᠡ

ᠡᠵᠡᠨ ᠬᠤᠷᠤᠭ᠎ᠠ ᠳᠤ ᠨᠢᠭᠡ ᠭᠦᠷᠭᠦ ᠶᠤᠮᠰᠠᠨ

ᠦᠨᠢᠷ ᠳᠡᠦᠭᠡ ᠡᠴᠡ ᠨᠢᠭᠡ ᠣᠩᠰᠢᠬᠤ ᠶᠤᠮᠰᠠᠨ


ᠭᠦᠳᠡᠭᠡ ᠶᠢᠨ ᠮᠤᠩᠭ᠋ᠤᠯ ᠪᠣᠷᠤ ᠭᠦᠤ ᠵᠢᠨ

ᠰᠡᠳᠭᠢᠯ ᠳᠤ ᠮᠥᠩᠭᠡᠷᠡᠭ᠍ᠰᠡᠨ ᠰᠢᠷᠭᠠᠯ ᠨᠠᠷᠠ

ᠭᠦᠭᠡ ᠳᠤᠯᠪᠣᠳᠠᠨ ᠤ ᠭᠤᠯᠤᠮᠳᠠ ᠳᠡᠭᠡᠷ᠎ᠡ

ᠰᠠᠴᠤᠷᠠᠵᠤ ᠪᠠᠳᠠᠷᠠᠭᠰᠠᠨ ᠳᠤᠯᠭ᠎ᠠ ᠶᠢᠨ ᠲᠦᠯᠤ

ᠪᠣᠷᠬᠠᠨ ᠪᠠᠭᠰᠢ ᠳᠠᠭᠠᠨ ᠳᠠᠭᠠᠳᠬᠠᠵᠤ ᠶᠠᠪᠣᠳᠠᠭ

ᠪᠣᠳᠤᠯ ᠤᠨ ᠦᠨᠳᠦᠷ ᠬᠠᠢ᠌ᠷ᠎ᠠ ᠶᠢᠨ ᠰᠢᠳᠦᠭᠡᠨ

ᠡᠵᠡᠨ ᠬᠤᠷᠤᠭ᠎ᠠ ᠳᠤ ᠨᠢᠭᠡ ᠭᠦᠷᠭᠦ ᠶᠤᠮᠰᠠᠨ

ᠦᠷᠯᠦᠭ᠌ ᠳᠡᠭᠡᠳᠦᠰ ᠲᠡᠭᠡᠨ ᠨᠢᠭᠡ ᠮᠦᠷᠭᠦᠭᠦ ᠶᠤᠮᠰᠠᠨ


ᠠᠭᠳᠠ ᠶᠢᠨ ᠨᠢᠷᠤᠭᠤᠨ ᠳᠡᠭᠡᠷ᠎ᠡ

ᠳᠡᠯᠡᠭᠡᠢ ᠶᠢ ᠡᠵᠡᠯᠡᠭ᠍ᠰᠡᠨ ᠪᠠᠭᠠᠳᠤᠷ ᠢᠳᠠᠳᠠᠨ

ᠠᠤᠭ᠎ᠠ ᠰᠦᠰᠦ ᠵᠤᠷᠢᠭ ᠶᠢᠡᠷ

ᠳᠢᠶᠠᠨ ᠶᠢ ᠰᠤᠴᠢᠭᠠᠭᠰᠠᠨ ᠠᠪᠣᠷᠭᠤ ᠭᠦᠴᠦᠳᠡᠨ

ᠡᠵᠡᠨ ᠴᠢᠩᠭᠢᠰ ᠤᠨ ᠮᠥᠩᠭᠡ ᠳᠦᠷᠢ ᠶᠢ᠌

ᠣᠴᠢᠵᠤ ᠨᠢᠭᠡ ᠥᠵᠡᠭᠦ ᠶᠤᠮᠰᠠᠨ

ᠱᠠᠭᠵᠢᠮᠤᠨᠢ ᠪᠠᠭᠰᠢᠳᠠᠨ ᠳᠠᠭᠠᠨ ᠵᠤᠯᠠ ᠡᠷᠭᠦᠵᠤ

ᠰᠤᠳᠤᠨ ᠲ᠋ᠡᠭᠡᠳᠦᠰ ᠲᠡᠭᠡᠨ ᠳᠠᠭᠠᠳᠬᠠᠨ ᠮᠦᠷᠭᠦᠭᠦ ᠶᠤᠮᠰᠠᠨ

ᠡᠵᠡᠨ ᠬᠤᠷᠤᠭ᠎ᠠ ᠳᠤ ᠨᠢᠭᠡ ᠣᠴᠢᠬᠤ ᠶᠤᠮᠰᠠᠨ

ᠡᠪᠦᠭᠡ ᠳᠡᠭᠡᠳᠦᠰ ᠲᠡᠭᠡᠨ ᠨᠢᠭᠡ ᠪᠠᠷᠠᠯᠬᠠᠬᠤ ᠶᠤᠮᠰᠠᠨ


ᠡᠩᠬᠡ ᠮᠥᠩᠭᠡ ᠶᠢᠨ ᠪᠣᠰᠤᠭ᠎ᠠ ᠭᠡᠢ᠌ᠮᠦᠷᠢ

ᠳᠡᠭ᠍ᠷᠢ ᠶᠢᠨ ᠠᠵᠢᠨᠢ᠁ ᠨᠢ᠋ᠮᠠᠨ ᠰᠢᠷᠭ᠎ᠠ

ᠦᠷᠯᠦᠭ᠌ ᠮᠤᠩᠭ᠋ᠤᠯ ᠤᠨ ᠣᠩᠭ᠋ᠤᠨ ᠭᠦᠯᠦᠭ᠌

ᠳᠡᠭ᠍ᠷᠢᠯᠢᠭ᠌ ᠠᠭᠳᠠ᠁ ᠨᠢ᠋ᠮᠠᠨ ᠰᠢᠷᠭ᠎ᠠ

ᠪᠣᠷᠬᠠᠨ ᠤ ᠦᠷᠤᠰᠢᠶᠠᠯ ᠲᠡᠶ ᠠᠯᠳᠠᠨ ᠣᠨᠠᠭ᠎ᠠ

ᠪᠣᠭᠳᠠ ᠴᠢᠩᠭᠢᠰ ᠤᠨ ᠨᠢ᠋ᠮᠠᠨ ᠰᠢᠷᠭ᠎ᠠ

ᠡᠵᠡᠨ ᠬᠤᠷᠤᠭ᠎ᠠ ᠳᠤ ᠨᠢᠭᠡ ᠭᠦᠷᠭᠦ ᠶ‍ᠦᠮᠰᠡᠨ

ᠡᠪᠦᠭᠡ ᠶᠢᠨ ᠰᠢᠷᠭ᠎ᠠ ᠶᠢ᠌ ᠨᠢᠭᠡ ᠥᠵᠡᠭᠦ ᠶ‍ᠦᠮᠰᠡᠨ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ᠂   ᠪᠣᠷᠤᠳᠠᠯ᠎ᠠ

ᠵᠤᠬᠢᠶᠠᠭᠴᠢ᠄ ᠥᠭᠡᠯᠡᠳ·ᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2012 ᠤᠨ ᠤ 02 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ