☆ ᠷ·ᠨᠡᠷᠡᠨᠳᠡᠭᠦᠰ
ᠴᠢᠮᠢ᠋ᠢ ᠮᠠᠷᠳᠠᠶ᠎ᠠ
ᠴᠢᠮᠢ᠋ᠢ ᠰᠠᠨᠠᠭᠰᠠᠨ ᠡᠳᠦᠷ ᠤᠳ ᠤᠨ
ᠨᠠᠷᠠ᠂ ᠴᠢᠳᠤᠷ ᠤᠨ ᠮᠤᠷᠢ ᠰᠢᠭ
ᠣᠪ ᠣᠳᠠᠭᠠᠨ
ᠡᠳᠦᠷ ᠪᠣᠯᠭᠠᠨ ᠵᠢᠯ ᠡᠴᠠ ᠴᠤ ᠣᠷᠳᠤᠬᠠᠨ
ᠴᠢᠮᠢ᠋ᠢ ᠮᠠᠷᠳᠠᠶ᠎ᠠ ᠳ᠋ᠠ ᠁
ᠴᠢᠮᠢ᠋ᠢ ᠮᠠᠷᠳᠠᠶ᠎ᠠ ᠭᠡᠵᠤ
ᠪᠣᠳᠤᠯ ᠡᠴᠠ ᠪᠠᠨ ᠵᠠᠢ᠌ᠯᠠᠵᠤ ᠰᠠᠭᠤᠯ᠎ᠠ
ᠭᠤᠷᠪᠠᠨ ᠵᠠᠭᠤ ᠵᠢᠷᠠᠨ ᠳᠠᠪᠣ ᠬᠤᠨᠤᠭ ᠪᠦᠭᠦᠨ
ᠭᠤᠨᠢᠭ ᠪᠣᠯᠵᠤ ᠴᠠᠯᠭᠢᠨ᠎ᠠ
ᠴᠢᠮᠢ᠋ᠢ ᠮᠠᠷᠳᠠᠶ᠎ᠠ ᠭᠡᠵᠤ
ᠰᠢᠳᠤ ᠵᠠᠭᠤᠵᠤ ᠠᠯᠬᠤᠯ᠎ᠠ
ᠵᠠᠮ ᠪᠦᠭᠦᠨ ᠣᠯᠠ ᠡᠴᠠ ᠡᠭᠢᠯᠡᠨ ᠠᠪᠴᠢᠵᠤ
ᠵᠥᠭ᠌ ᠪᠣᠯᠭᠠᠨ ᠵᠠᠯᠠᠯᠵᠤ ᠬᠤᠯᠠᠳᠤᠨ᠎ᠠ᠃
ᠴᠢᠮᠢ᠋ᠢ ᠮᠠᠷᠳᠠᠶ᠎ᠠ ᠭᠡᠵᠤ
ᠳᠠᠮᠠᠭᠢ ᠳᠠᠳᠠᠯ᠎ᠠ
ᠳᠠᠮᠠᠭᠢ ᠪᠣᠯ ᠰᠤᠪᠣᠵᠤ ᠳᠠᠭᠤᠰᠳᠠᠭ ᠦᠭᠡᠶ
ᠳᠤᠷᠠᠳᠬᠠᠯ ᠡᠭᠡᠭᠦᠨ ᠪᠠᠢ᠌ᠪᠠ᠃
ᠴᠢᠮᠢ᠋ᠢ ᠮᠠᠷᠳᠠᠶ᠎ᠠ ᠭᠡᠵᠤ
ᠠᠷᠢᠭᠢ ᠣᠤᠭᠤᠯ᠎ᠠ
ᠠᠷᠢᠭᠢ ᠪᠣᠯ ᠠᠷᠴᠢᠵᠤ ᠳᠡᠢ᠌ᠯᠭᠦ ᠦᠭᠡᠶ
ᠨᠢᠯᠪᠣᠰᠤ ᠭᠠᠰᠢᠭᠤᠨ ᠪᠠᠢ᠌ᠪᠠ᠃
ᠴᠢᠮᠢ᠋ᠢ ᠮᠠᠷᠳᠠᠬᠤ ᠶᠢᠨ ᠲᠦᠯᠦᠭᠡ ᠢᠨᠢᠶᠠᠯ᠎ᠠ
ᠴᠢᠮᠢ᠋ᠢ ᠮᠠᠷᠳᠠᠬᠤ ᠶᠢᠨ ᠲᠦᠯᠦᠭᠡ ᠣᠭᠢᠯᠠᠯᠠ
ᠮᠠᠷᠳᠠᠨ᠎ᠠ ᠳ᠋ᠠ᠂ ᠴᠢᠮᠢ᠋ᠢ᠌᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠶᠡᠭᠡᠡᠦᠰᠤ ᠰᠤᠮᠤ
ᠵᠤᠬᠢᠶᠠᠭᠴᠢ᠄ ᠷ·ᠨᠡᠷᠡᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2684
ᠴᠠᠭ᠄ 2012 ᠤᠨ ᠤ 03 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ