ᠨᠡᠪᠲᠡᠷᠡᠨ ᠤᠷᠤᠬᠤ
ᠨᠠᠳᠠ ᠳᠤ ᠪᠣᠤ ᠭᠤᠮᠤᠳᠠ

ᠨᠠᠷᠠᠳᠤ ᠳᠤ ᠭᠦᠮᠤᠨ ᠤ ᠬᠠᠢ᠌ᠷ᠎ᠠ ᠪᠠᠷ ᠮᠥᠩᠭᠡᠷᠡᠭᠦ ᠭᠡᠵᠤ

ᠨᠠᠮᠠᠭ᠎ᠠ ᠪᠠᠨ ᠬᠤᠭᠤᠯᠬᠤ ᠡᠴᠡ ᠰᠠᠯᠭᠢᠨ ᠭᠦᠷᠳᠡᠯ᠎ᠡ ᠵᠠᠢ᠌ᠯᠠᠵᠤ ᠶᠠᠪᠣᠳᠠᠭ

ᠨᠠᠳᠠ ᠳᠤ ᠪᠣᠤ ᠭᠤᠮᠤᠳᠠ

ᠬᠠᠷᠴᠠᠨ ᠳᠤ ᠴᠢᠨᠢ ᠳᠤᠨᠤᠷᠠᠬᠤ ᠰᠡᠳᠭᠢᠯ ᠤᠨ ᠴᠢᠨᠢ ᠦᠴᠢᠯ ᠢ

ᠬᠠᠯᠠᠭᠤᠨ ᠨᠢᠯᠪᠣᠰᠤᠨ ᠳᠠᠭᠠᠨ ᠪᠦᠪᠠᠢ᠌ᠯᠠᠨ ᠣᠮᠳᠠᠯᠠᠬᠤ ᠭᠡᠵᠤ

ᠬᠠᠷᠠᠩᠭ᠋ᠤᠢ ᠰᠦᠨᠢ ᠪᠠᠷ ᠭᠡᠷ ᠶᠢᠡᠨ ᠮᠠᠷᠳᠠᠵᠤ

ᠬᠠᠷ᠎ᠠ ᠣᠰᠤᠨ ᠳᠤ ᠮᠠᠳᠠᠷᠠᠯ ᠶᠢᠡᠨ ᠭᠦᠷᠳᠡᠯ᠎ᠡ ᠠᠯᠠᠵᠤ ᠶᠠᠪᠣᠭᠰᠠᠨ

ᠨᠠᠳᠠ ᠳᠤ ᠪᠣᠤ ᠭᠤᠮᠤᠳᠠ

ᠦᠪᠡᠷ ᠤᠨ ᠠᠪᠣ ᠳᠠᠭᠠᠨ ᠨᠢᠭᠡ ᠭᠤᠳᠤᠯᠢ ᠳᠠᠮᠠᠭᠢ ᠨᠤᠴᠤᠭᠠᠵᠤ ᠴᠢᠳᠠᠯ ᠥᠭᠡᠢ

ᠦᠷᠦᠰᠢᠶᠠᠯᠳᠤ ᠡᠵᠢ ᠳᠡᠭᠡᠨ ᠨᠢᠭᠡ ᠬᠠᠢ᠌ᠷᠴᠠᠭ ᠴᠠᠢ ᠥᠭ᠍ᠴᠤ ᠴᠢᠳᠠᠯ ᠥᠭᠡᠢ

ᠦᠪᠡᠷ ᠢ ᠭᠢ ᠴᠢᠨᠢ ᠰᠡᠳᠭᠢᠯ ᠡᠪᠠᠦᠡᠭᠦ ᠡᠴᠡ ᠠᠶᠤᠬᠤ ᠳ᠋ᠠᠭᠠᠨ

ᠦᠷ᠎ᠡ ᠭᠦᠮᠤᠨ ᠤ ᠪᠠᠳᠤ ᠵᠢᠷᠤᠮ ᠢ ᠬᠠᠶᠠ ᠬᠠᠶᠠ ᠠᠷᠭ᠎ᠠ ᠦᠭᠡᠶ ᠨᠤᠬᠤᠯᠵᠤ ᠶᠠᠪᠣᠭᠰᠠᠨ

ᠨᠠᠳᠠ ᠳᠤ ᠪᠣᠤ ᠭᠤᠮᠤᠳᠠ

ᠠᠮᠢᠳᠤᠷᠠᠯ ᠬᠠᠳᠠᠭᠤᠬᠠᠨ ᠪᠠᠢ᠌ᠳᠠᠯ᠎ᠠ

ᠠᠵᠢᠯ ᠭᠡᠴᠡᠭᠦᠭᠡᠨ ᠪᠠᠢ᠌ᠳᠠᠯ᠎ᠠ

ᠠᠷᠢᠭᠤᠨ ᠬᠠᠢ᠌ᠷ᠎ᠠ ᠪᠠᠨ ᠭᠡᠨ ᠳᠤ ᠨᠢ ᠴᠤ ᠥᠭ᠍ᠴᠤ ᠴᠢᠳᠠᠯ ᠥᠭᠡᠢ

ᠠᠭᠢᠭᠠᠤᠨ ᠨᠠᠳᠠ ᠣᠷᠤᠭᠤ

《ᠠᠯᠳᠠ》 ᠪᠠᠨ ᠬᠤᠪᠢᠶᠠᠬᠤ ᠭᠡᠵᠤ

《ᠠᠯᠪᠠᠨ ᠪᠢᠴᠢᠭ᠌》 ᠲᠤ ᠨᠠᠷ᠎ᠠ ᠵᠢ

ᠠᠯᠪᠠ ᠪᠠᠷ ᠪᠢᠴᠢᠭᠦᠯᠦᠭ᠍ᠰᠡᠨ

ᠠᠷᠭ᠎ᠠ ᠦᠭᠡᠶ ᠪᠦᠰᠡᠭᠦᠢ ᠭᠦᠮᠤᠨ ᠴᠢ

ᠨᠠᠳᠠ ᠳᠤ ᠪᠣᠤ ᠭᠤᠮᠤᠳᠠ

ᠠᠯᠠᠭ ᠦᠷ᠎ᠡ ᠳᠡᠭᠡᠨ ᠠᠮᠢᠨ ᠬᠠᠢ᠌ᠷ᠎ᠠ ᠳᠠᠢ

ᠠᠪᠣ ᠶᠢᠨ ᠣᠳᠤᠮ ᠶᠢᠡᠷ ᠳᠤᠲ᠋ᠸᠮ ᠵᠠᠯᠭᠠᠬᠤ ᠭᠡᠵᠤ

ᠠᠯᠤᠰ ᠤᠨ ᠳᠡᠷᠳᠡᠭᠡ ᠰᠠᠨᠠᠵᠤ ᠰᠠᠭᠤᠬᠤ ᠳ᠋ᠠᠭᠠᠨ

ᠠᠷᠢᠭᠢᠨ ᠤ ᠦᠨᠦᠷ ᠲᠤ ᠰᠢᠨᠤᠭ᠎ᠠ ᠥᠭᠡᠢ

ᠠᠯᠢᠪᠠ ᠪᠦᠭᠦᠨ ᠳᠤ ᠠᠭᠤᠴᠢᠯᠠᠯ ᠭᠤᠶᠤᠳᠠᠭ

ᠠᠮᠠᠷᠠᠭ ᠬᠤᠩᠭ᠋ᠤᠷ ᠲᠠᠭᠠᠨ ᠦᠨᠡᠠᠴᠢ ᠨᠢᠭᠡ ᠬᠠᠢ᠌ᠷᠠᠯᠠᠳᠠᠭ

ᠠᠶ᠎ᠠ ᠨᠠᠳᠠ ᠳᠤ ᠪᠣᠤ ᠭᠤᠮᠤᠳᠠ

ᠠᠭᠢᠭᠠᠤᠨ ᠪᠣᠤ ᠭᠤᠮᠤᠳᠠ

ᠨᠠᠷᠠᠳᠤ ᠳᠤ ᠭᠦᠮᠤᠨ ᠤ ᠬᠠᠢ᠌ᠷ᠎ᠠ ᠪᠠᠷ ᠮᠥᠩᠭᠡᠷᠡᠭᠦ ᠭᠡᠵᠤ

ᠨᠠᠮᠠᠭ᠎ᠠ ᠪᠠᠨ ᠬᠤᠭᠤᠯᠬᠤ ᠡᠴᠡ ᠰᠠᠯᠭᠢᠨ ᠭᠦᠷᠳᠡᠯ᠎ᠡ ᠵᠠᠢ᠌ᠯᠠᠵᠤ ᠶᠠᠪᠣᠳᠠᠭ

ᠨᠠᠳᠠ ᠳᠤ ᠪᠣᠤ ᠭᠤᠮᠤᠳᠠ

ᠵᠤᠬᠢᠶᠠᠭᠴᠢ᠄ ᠰᠤ ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2719
ᠴᠠᠭ᠄ 2009 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ