☆ ᠡᠷᠳᠡᠨᠢᠰᠥ᠋ᠭᠡ
ᠪᠢ ᠮᠤᠩᠭ᠋ᠤᠯ ᠭᠦᠮᠤᠨ ᠶᠤᠮ
ᠪᠢ ᠰᠠᠮᠤᠷ ᠵᠠᠵᠢᠯᠤᠭᠰᠠᠨ ᠭᠢᠳᠠᠤᠨ ᠪᠢᠰᠢ
ᠪᠢ ᠰᠠᠷᠯᠤᠭ ᠵᠠᠢ᠌ᠳᠠᠯᠠᠭᠰᠠᠨ ᠲᠦᠪᠡᠳ ᠪᠢᠰᠢ
ᠪᠢ ᠭᠤᠧᠨ ᠳᠠᠷᠢᠭᠰᠠᠨ ᠣᠢ᠌ᠭᠤᠷ ᠪᠢᠰᠢ
ᠪᠢ ᠭᠠᠬᠠᠢ ᠳᠠᠭᠢᠭᠰᠠᠨ ᠬᠤᠳᠤᠩ ᠴᠤ ᠪᠢᠰᠢ
ᠪᠢ ᠳᠡᠭ᠍ᠷᠢ ᠰᠢᠳᠦᠳᠡᠭ᠌ ᠮᠤᠩᠭ᠋ᠤᠯ ᠶᠤᠮ
ᠮᠤᠩᠭ᠋ᠤᠯ ᠭᠡᠷ ᠲᠤ ᠲᠦᠷᠦᠵᠤ
ᠮᠤᠷᠢ ᠣᠨᠤᠵᠤ ᠥᠰᠦᠭ᠍ᠰᠡᠨ ᠶᠤᠮ
ᠰᠠᠭᠠᠯᠢᠴᠢᠨ ᠮᠤᠩᠭ᠋ᠤᠯ ᠡᠵᠢ ᠶᠢᠨ ᠶᠢᠡᠨ
ᠰᠡᠳᠭᠢᠯ ᠣᠶᠠᠬᠠᠨ ᠢ ᠦᠪᠯᠠᠵᠤ
ᠰᠥᠷᠯᠢᠭ᠌ ᠳᠦᠪᠯᠡᠭᠦᠨ ᠠᠪᠣ ᠶᠢᠨ ᠶᠢᠡᠨ
ᠰᠡᠭᠦᠳᠡᠷ ᠢ ᠨᠢ ᠭᠡᠪᠯᠡᠵᠤ ᠳᠦᠷᠦᠭ᠍ᠰᠡᠨ ᠶᠤᠮ
ᠵᠤᠬᠢᠶᠠᠭᠴᠢ ᠶᠢᠨ ᠬᠠᠶᠢᠭ ᠄ ᠦᠵᠦᠮᠤᠴᠢᠨ
ᠵᠤᠬᠢᠶᠠᠭᠴᠢ᠄ ᠡᠷᠳᠡᠨᠢᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2777
ᠴᠠᠭ᠄ 2009 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ