☆ ᠳᠠᠪᠬᠤᠷᠪᠠᠶᠠᠷ
ᠡᠵᠢ ᠮᠢᠨᠢ
ᠳᠠᠯᠠᠨ ᠵᠢᠷᠭᠤᠭᠠᠨ ᠣᠨ ᠤ ᠨᠠᠷᠠ ᠶᠢ
ᠵᠤᠯᠠᠢ ᠳᠡᠭᠡᠷ᠎ᠡ ᠮᠢᠨᠢ ᠠᠷᠭᠠᠳᠠᠭᠰᠠᠭᠠᠷ
ᠳᠡᠭᠡᠷ᠎ᠡ ᠵᠠᠭᠤᠨ ᠤ ᠭᠠᠴᠢᠭ ᠢ
ᠨᠢᠯᠪᠣᠰᠤ ᠲᠡᠶ ᠳᠤᠭᠤᠯᠤᠭᠰᠠᠨ ᠡᠵᠢ ᠮᠢᠨᠢ
ᠵᠤᠷᠢᠭ ᠤᠨ ᠬᠠᠳᠠᠭᠤ ᠶᠢ ᠵᠢᠭᠠᠭᠰᠠᠨ
ᠵᠠᠩ ᠨᠢ ᠵᠥᠭᠡᠯᠡᠨ ᠪᠣᠷᠬᠠᠨ ᠮᠢᠨᠢ
ᠲ᠋ᠠᠷᠳᠠᠵᠤ ᠭᠦᠢᠴᠡᠭ᠍ᠰᠡᠨ ᠵᠠᠶᠠᠭᠠᠨ ᠳᠤ ᠪᠠᠨ
ᠦᠷ᠎ᠡ ᠶᠢᠨ ᠶᠢᠡᠨ ᠰᠠᠢ᠌ᠨ ᠶᠢᠡᠷ ᠪᠠᠶᠠᠰᠤᠭᠰᠠᠨ
ᠳᠠᠪᠤᠨ ᠬᠡᠦᠬᠡᠳ ᠤᠨ ᠶᠢᠡᠨ ᠥᠮᠦᠭ᠌
ᠦᠷᠤᠪᠴᠢ ᠰᠡᠳᠭᠢᠯ ᠲᠡᠶ ᠡᠵᠢ ᠮᠢᠨᠢ
ᠨᠠᠰᠤᠵᠢᠵᠤ ᠪᠣᠭᠤᠷᠤᠯᠳᠤᠵᠤ ᠰᠠᠭᠤᠬᠤ ᠳᠤ ᠪᠠᠨ
ᠨᠠᠯᠠᠭᠠᠷ ᠳᠠᠢ᠌ᠪᠣᠩ ᠡᠵᠢ ᠮᠢᠨᠢ
ᠠᠮᠢᠳᠤ ᠶᠢᠨ ᠡᠨᠡ ᠳᠡᠯᠡᠭᠡᠢ ᠳᠤ
ᠠᠮᠢᠳᠤᠷᠠᠬᠤ ᠶᠢᠨ ᠳᠠᠪᠢᠯᠠᠩ ᠣᠯᠭᠤᠬᠤ ᠳᠤ ᠪᠠᠨ
ᠠᠰᠠᠷᠠᠯ ᠭᠦᠰᠡᠭᠦ ᠦᠭᠡᠶ ᠵᠤᠵᠢᠭ
ᠠᠶᠤᠤᠯᠢᠬᠠᠢ ᠨᠢ ᠠᠭᠤᠵᠢᠮᠬᠠᠨ ᠡᠵᠢ ᠮᠢᠨᠢ
ᠠᠯᠤᠰ ᠵᠠᠢ᠌ᠳᠠᠭᠰᠠᠨ ᠦᠷ᠎ᠡ ᠳᠤ ᠪᠠᠨ
ᠰᠡᠳᠭᠢᠯ ᠤᠨ ᠣᠶᠠᠭᠠᠳᠠᠢ ᠡᠵᠢ ᠮᠢᠨᠢ
ᠲ᠋ᠠᠯ᠎ᠠ ᠶᠢᠨ ᠠᠳᠠᠷᠢ ᠬᠡᠪᠢᠰ ᠰᠢᠭ᠌ ᠵᠥᠭᠡᠯᠡᠷᠡᠭᠦᠯᠵᠤ
ᠳᠠᠪᠤᠨ ᠬᠡᠦᠬᠡᠳ ᠶᠢᠡᠨ ᠠᠩᠭᠢᠷ ᠰᠢᠭ᠌ ᠨᠢᠰᠭᠡᠵᠤ
ᠪᠣᠷᠤ ᠭᠡᠷ ᠲᠤ ᠪᠠᠨ ᠨᠠᠷᠠᠨ ᠪᠣᠯᠤᠭᠰᠠᠨ
ᠪᠣᠳᠤᠯ ᠬᠠᠳᠠᠭᠤ ᠡᠵᠢ ᠮᠢᠨᠢ
ᠳᠦᠭᠡᠷᠢᠭ᠍ᠰᠡᠨ ᠭᠠᠯᠠᠭᠤ ᠰᠢᠭ ᠶᠠᠪᠣᠬᠤ ᠳᠤ
ᠳᠦᠰᠢᠭ᠌ ᠪᠣᠯᠤᠭᠰᠠᠨ ᠡᠵᠢ ᠮᠢᠨᠢ
ᠰᠠᠠᠴᠢᠭ ᠤᠨ ᠪᠣᠭᠤᠷᠤᠯ ᠰᠡᠪᠠᠯᠭᠡ ᠴᠢᠨᠢ
ᠽᠡᠮᠪᠦᠯᠢᠭ᠌ ᠤᠨ ᠵᠢᠮ᠎ᠠ ᠶᠢ ᠰᠢᠩᠭᠡᠭᠡᠨ᠎ᠡ ᠪᠢᠯᠠ
ᠰᠠᠯᠤᠭᠠᠤᠨ ᠣᠳᠠᠭᠰᠠᠨ ᠦᠷ᠎ᠡ ᠶᠢᠨ ᠶᠢᠡᠨ
ᠰᠠᠨᠠᠯ ᠤᠨ ᠭᠦᠭ᠌ ᠢ ᠴᠢᠪᠬᠠᠳᠠᠨ᠎ᠠ ᠪᠢᠯᠠ
ᠠᠮᠢᠳᠤᠷᠠᠨ᠎ᠠ ᠭᠡᠳᠡᠭ᠌ ᠳᠤᠭᠯᠠᠭᠠᠮ ᠢ
ᠣᠷᠠᠨ ᠶᠢᠡᠷ ᠳᠤᠭᠤᠯᠬᠤ ᠶᠢ ᠵᠢᠭᠠᠨ᠎ᠠ ᠪᠢᠯᠠ
ᠲ᠋ᠠᠯᠠᠨ ᠵᠢᠷᠭᠤᠭᠠᠨ ᠣᠨ ᠤ ᠭᠦᠷᠳᠤᠨ ᠳᠤ
ᠳᠠᠭᠢᠵᠤ ᠪᠢ ᠳᠦᠷᠦᠳᠡᠭ᠌ ᠦᠭᠡᠶ ᠡᠴᠡ
ᠳᠠᠷᠠᠭ᠎ᠠ ᠳᠦᠷᠤᠯ ᠳᠤ ᠪᠠᠨ ᠴᠤ ᠬᠠᠷᠢᠭᠤᠯᠵᠤ ᠲ᠋ᠠᠢ᠌ᠯᠤᠮᠠ ᠦᠭᠡᠶ
ᠳᠠᠯᠠᠢ ᠬᠠᠢ᠌ᠷ᠎ᠠ ᠶᠢ ᠴᠢᠨᠢ ᠪᠢ ᠶᠠᠭᠠᠭᠢᠨᠠᠮ
ᠳᠠᠭᠠᠭᠠᠴᠠ ᠶᠡᠭᠡᠳᠡᠢ ᠳᠤᠭᠤᠯᠤᠭᠰᠠᠨ
ᠳᠠᠯᠠᠨ ᠵᠢᠯ ᠢ ᠴᠢᠨᠢ ᠭᠡᠷᠭᠢᠨ ᠪᠢᠴᠢᠨᠠᠮ ︕
ᠵᠤᠬᠢᠶᠠᠭᠴᠢ ᠶᠢᠨ ᠬᠠᠶᠢᠭ᠄ ᠲᠦᠰᠢᠶᠠᠳᠤ ᠶᠢᠨ ᠭᠦᠡᠳᠦᠯ
ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3485
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ