ᠨᠡᠪᠲᠡᠷᠡᠨ ᠤᠷᠤᠬᠤ
ᠬᠤᠯᠠ ᠶᠢᠨ ᠳᠡᠷᠭᠡᠯ ᠭᠦᠳᠡᠭᠡ

ᠠᠷᠭᠠᠯ ᠤᠨ ᠴᠡᠩᠭᠡᠷ ᠣᠳᠤᠭ᠎ᠠ ᠲᠡᠶ

ᠠᠭᠠᠷ ᠨᠢ ᠳᠠᠢ᠌ᠪᠣᠩ ᠶᠢᠡᠷ ᠠᠮᠢᠰᠬᠤᠳᠠᠭ

ᠠᠶᠠᠯᠠᠭᠤᠯᠤᠨ ᠳᠠᠭᠤᠯᠠᠭᠠᠤᠨ ᠵᠤᠭᠰᠤᠬᠤ ᠦᠭᠡᠶ

ᠠᠷᠠᠤᠨ ᠨᠢ ᠵᠢᠷᠭᠠᠯ ᠶᠢᠡᠷ ᠮᠥᠰᠢᠶᠡᠳᠡᠭ᠌

ᠣᠩᠭ᠋ᠤᠨ ᠠᠭᠤᠳᠠᠮ ᠪᠠᠢ᠌ᠭᠠᠯᠢ ᠳᠤ ᠪᠠᠨ

ᠠᠳᠤᠭᠤᠳ ᠨᠢ ᠣᠮᠤᠭᠯᠠᠩ ᠳᠠᠪᠭᠢᠳᠠᠭ

ᠠᠭᠢ ᠳᠠᠭᠠᠨ᠎ᠠ ᠲᠡᠶ ᠪᠠᠯᠴᠢᠭᠡᠷ ᠲᠤ ᠪᠠᠨ

ᠰᠦᠷᠦᠭ᠌ ᠨᠢ ᠳᠡᠨᠢᠭᠦᠨ ᠵᠤᠰᠠᠳᠠᠭ

ᠣᠭᠳᠠᠷᠭᠤᠢ ᠶᠢᠨ ᠠᠭᠤᠳᠠᠮ ᠲᠡᠶ ᠮᠥᠴᠡᠭᠡᠷᠭᠡᠵᠤ

ᠦᠷᠭᠡᠨ ᠳᠠᠯ᠎ᠠ ᠨᠢ ᠳᠡᠨᠡᠢ᠌ᠳᠡᠭ᠌

ᠡᠭᠦᠯᠡᠰ ᠨᠠᠪᠳᠠᠯᠤᠨ ᠪᠠᠭᠠᠨᠠᠳᠠᠵᠤ

ᠠᠭᠤᠯᠠ ᠨᠢ ᠰᠦᠷᠯᠢᠭ᠌ ᠰᠥᠡᠳᠡᠷᠯᠡᠳᠡᠭ᠌

ᠠᠯᠠᠭ ᠴᠡᠴᠡᠭᠡᠰ ᠢ ᠢᠴᠢᠭᠡᠵᠤ

ᠦᠬᠢᠳ ᠨᠢ ᠴᠡᠮᠴᠡᠭᠡᠷ ᠳᠦᠷᠦᠳᠡᠭ᠌

ᠠᠯᠮᠠᠰ ᠴᠢᠯᠠᠭᠤᠳ ᠢ ᠭᠤᠳᠤᠭᠠᠵᠤ

ᠬᠡᠦᠬᠡᠳ ᠨᠢ ᠰᠢᠠᠳᠠᠰᠤᠯᠢᠭ ᠪᠣᠢ᠌ᠵᠢᠳᠠᠭ

ᠳᠠᠯ᠎ᠠ ᠶᠢᠨ ᠡᠪᠠᠰᠤ ᠲᠡᠶ ᠠᠳᠠᠭᠠᠷᠬᠠᠵᠤ

ᠣᠢ ᠨᠢ ᠪᠢᠳᠡᠭᠦᠤ ᠣᠷᠭᠤᠳᠠᠭ

ᠳᠡᠭ᠍ᠷᠢ ᠶᠢᠨ ᠣᠳᠤᠳ ᠲᠡᠶ ᠠᠳᠠᠯᠢᠤᠠᠬᠠᠵᠤ

ᠭᠦᠷᠦᠭᠡᠰᠤ ᠨᠢ ᠣᠯᠠᠨ ᠲᠦᠯᠵᠢᠳᠡᠭ᠌

ᠮᠠᠷᠭᠠᠰᠢ ᠶᠢᠨ ᠰᠠᠢ᠌ᠬᠠᠨ ᠢ ᠭᠦᠦᠷᠨᠢᠵᠤ

ᠨᠠᠷᠠ ᠨᠢ ᠰᠢᠵᠢᠷ ᠮᠠᠠᠳᠤᠳᠠᠭ

ᠠᠮᠢᠳᠤᠷᠠᠯ ᠳᠡᠭ᠍ᠵᠢᠷᠡᠯ ᠢ ᠨᠢ ᠪᠠᠬᠠᠳᠤᠵᠤ

ᠰᠠᠷᠠ ᠨᠢ ᠠᠮᠤᠭᠤᠯᠠᠩ ᠳᠡᠷᠭᠡᠯᠰᠢᠳᠡᠭ᠌

ᠮᠢᠨᠤ ᠰᠠᠢ᠌ᠬᠠᠨ ᠨᠤᠳᠤᠭ

ᠬᠤᠯᠠ ᠶᠢᠨ ᠳᠡᠷᠭᠡᠯ ᠭᠦᠳᠡᠭᠡ ᠮᠢᠨᠤ᠃


ᠡᠶ᠎ᠡ ᠳᠠᠮ ᠶᠢᠡᠨ ᠣᠯᠤᠯᠴᠠᠭᠰᠠᠨ

ᠭᠦᠳᠡᠯᠮᠦᠷᠢᠴᠢ ᠲᠦᠮᠡᠨ ᠠᠷᠠᠤᠨ ᠲᠡᠶ

ᠡᠰᠡᠷᠭᠦᠴᠡᠯ ᠳᠠᠢ᠌ᠰᠤᠩᠨᠠᠯ ᠣᠷᠤᠰᠢᠬᠤ ᠦᠭᠡᠶ

ᠡᠶᠡᠯᠳᠡᠭ᠌ ᠮᠤᠩᠭ᠋ᠤᠯ ᠠᠷᠠᠠᠰᠢᠨ ᠲᠡᠶ

ᠢᠵᠠᠭᠤᠷ ᠰᠤᠶᠤᠯ ᠶᠢᠡᠨ ᠬᠠᠳᠠᠭᠠᠯᠠᠭᠰᠠᠨ

ᠣᠪᠣᠭ᠎ᠠ ᠱᠠᠩᠰᠢ ᠶᠢᠨ ᠳᠠᠭᠢᠯᠭ᠎ᠠ ᠲᠡᠶ

ᠣᠳᠤᠮᠳᠤ ᠵᠠᠩᠰᠢᠯ ᠶᠢᠡᠨ ᠳᠡᠭᠡᠳᠦᠯᠡᠭ᠍ᠰᠡᠨ

ᠡᠷ᠎ᠡ ᠶᠢᠨ ᠭᠤᠷᠪᠠᠨ ᠨᠠᠭᠠᠳᠤᠮ ᠲᠡᠶ

ᠵᠠᠮ ᠳᠡᠭᠡᠷ᠎ᠡ ᠠᠭᠤᠯᠵᠠᠭᠰᠠᠨ ᠴᠤ

ᠵᠤᠯᠭᠠᠬᠤ ᠶᠢᠨ ᠰᠠᠢ᠌ᠬᠠᠨ ᠮᠠᠠᠳᠤ ᠲᠡᠶ

ᠳᠠᠯ᠎ᠠ ᠳᠡᠭᠡᠷ᠎ᠡ ᠳᠠᠨᠢᠯᠴᠠᠭᠰᠠᠨ ᠴᠤ

ᠳᠠᠮᠠᠭᠢ ᠭᠦᠭᠦᠷ ᠤᠨ ᠰᠤᠯᠢᠯᠴᠠᠭᠠᠨ ᠲᠡᠶ

ᠠᠶᠠᠨ ᠵᠠᠮ ᠭᠦᠭᠡᠭᠡᠭᠦ ᠳᠤ

ᠠᠮᠠᠨ ᠰᠠᠢ᠌ᠬᠠᠨ ᠢᠷᠦᠭᠡᠯ ᠲᠡᠶ

ᠠᠠᠠᠮᠠᠤᠨ ᠳᠤᠮᠤᠭᠠᠳᠠᠤᠨ ᠶᠢᠡᠨ

ᠠᠴᠢᠯᠠᠵᠤ ᠭᠦᠡᠳᠦᠯᠡᠭᠦ ᠳᠠᠳᠬᠠᠯ ᠲᠡᠶ

ᠰᠤᠷᠤᠯᠭ᠎ᠠ ᠰᠤᠶᠤᠯ ᠳᠤ ᠪᠠᠨ ᠰᠢᠮᠳᠠᠭᠰᠠᠨ

ᠦᠰᠪᠦᠷᠢ ᠶᠢᠨ ᠣᠯᠠᠨ ᠪᠠᠭᠠᠴᠤᠳ ᠲᠡᠶ

ᠰᠤᠳᠤ ᠵᠢᠭᠦᠷ ᠪᠦᠷᠢᠳᠦᠭ᠍ᠰᠡᠨ

ᠰᠤᠳᠤᠨ ᠣᠯᠠᠨ ᠵᠠᠯᠠᠭᠤᠰ ᠲᠡᠶ

ᠮᠢᠨᠤ ᠰᠠᠢ᠌ᠬᠠᠨ ᠨᠤᠳᠤᠭ

ᠬᠤᠯᠠ ᠶᠢᠨ ᠳᠡᠷᠭᠡᠯ ᠭᠦᠳᠡᠭᠡ ᠮᠢᠨᠤ᠃


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2011 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ