☆ ᠭᠦᠷᠵᠠᠪ
ᠨᠠ᠊·ᠳᠡᠯᠭᠡᠷ ᠭᠤᠸᠠᠢ ᠪᠤᠶᠤ ᠲᠡᠭᠦᠨ ᠤ ᠬᠡᠪᠯᠡᠭᠦᠯᠦᠭᠰᠡᠨ ᠨᠤᠮ ᠤᠳ
ᠨᠠ᠊·ᠳᠡᠯᠭᠡᠷ ᠊᠊᠊᠊᠊᠊᠊᠊᠊᠊᠊᠊᠊᠊᠊ ᠣᠤᠯ ᠤᠨ ᠰᠢᠯᠢ ᠶᠢᠨ ᠭᠤᠤᠯ ᠤᠨ ᠴᠢᠭᠤᠯᠭᠠᠨ ᠤ ᠦᠵᠦᠮᠤᠴᠢᠨ ᠪᠠᠷᠠᠭᠤᠨ ᠬᠤᠰᠢᠭᠤᠨ ᠤ ᠭᠦᠮᠤᠨ᠃ ᠣᠳᠤᠭᠢ ᠰᠢᠯᠢ ᠶᠢᠨ ᠭᠤᠤᠯ ᠠᠢ᠌ᠮᠠᠭ ᠤᠨ ᠵᠡᠭᠦᠨ ᠦᠵᠦᠮᠤᠴᠢᠨ ᠬᠤᠰᠢᠭᠤᠨ ᠤ ᠳᠠᠭᠤᠳᠤᠨᠠᠭᠤᠷ ᠪᠠᠯᠭᠠᠰᠤᠨ ᠤ ᠪᠠᠶᠠᠠᠳᠤᠭ ᠭᠠᠴᠠᠭ᠎ᠠ ᠶᠢᠨ ᠭᠦᠮᠤᠨ᠃ 1949 ᠣᠨ ᠳᠤ᠂ ᠨᠠᠷᠢᠨ ᠭᠤᠪᠢ᠂ ᠬᠤᠶᠠᠷ ᠪᠦᠯᠢᠶᠡᠨ᠂ ᠣᠯᠠᠭᠠᠢ ᠭᠤᠤᠯ ᠶᠢᠡᠷ ᠨᠤᠳᠤᠭ ᠲᠡᠶ ᠰᠢᠷᠠᠨᠤᠳ ᠵᠠᠯᠠᠨ ᠤ ᠬᠠᠷᠢᠶ᠎ᠠ ᠊᠊᠊᠊᠊᠊᠊᠊᠊᠊᠊᠊᠊᠊᠊ ᠪᠦᠷᠢᠶᠡᠴᠢᠨ ᠰᠤᠮᠤᠨ ᠤ ᠪᠦᠷᠢᠠᠴᠤᠭᠳᠤ ᠶᠢᠨ ᠲᠦᠮᠡᠨ ᠊᠊᠊᠊᠊᠊᠊᠊᠊᠊᠊᠊᠊᠊᠊ ᠦᠯᠵᠡᠢ ᠶᠢᠨ ᠣᠤᠠᠬᠤᠨ ᠭᠦᠤ ᠪᠣᠯᠵᠤ ᠡᠭᠡ ᠠᠮᠢᠨ ᠊᠊᠊᠊᠊᠊᠊᠊᠊᠊᠊᠊᠊᠊᠊ ᠪᠦᠭᠡ ᠡᠴᠡ ᠵᠡᠭᠦᠨ ᠭᠦᠢᠯᠡᠰᠦᠳᠡᠢ ᠶᠢᠨ ᠡᠩᠭᠡᠷ ᠲᠤ ᠲᠦᠷᠦᠪᠠ᠃
1962 ᠣᠨ ᠳᠤ ᠳᠠᠭᠤᠳᠤᠨᠠᠭᠤᠷ ᠰᠤᠷᠭᠠᠭᠤᠯᠢ ᠡᠴᠡ ᠦᠨᠳᠦᠷ ᠵᠡᠷᠭᠡ ᠶᠢᠨ ᠪᠠᠭ᠎ᠠ ᠰᠤᠷᠭᠠᠭᠤᠯᠢ ᠳᠡᠭᠦᠰᠴᠤ᠂ ᠪᠠᠷᠢᠭᠠᠳᠠ ᠳᠠᠭᠠᠨ ᠬᠠᠷᠢᠨ ᠮᠠᠯᠴᠢᠨ᠂ ᠪᠠᠯᠠᠨ ᠮᠦᠩᠭᠦ ᠬᠠᠮᠢᠶᠠᠷᠤᠭᠴᠢ᠂ ᠡᠷᠦᠭᠡ ᠶᠢᠨ ᠴᠡᠷᠢᠭ᠌ ᠤᠨ ᠰᠤᠮᠤᠨ ᠳᠠᠷᠤᠭ᠎ᠠ᠂ ᠪᠠᠷᠢᠭᠠᠳᠠ ᠶᠢᠨ ᠳᠠᠷᠤᠭ᠎ᠠ ᠵᠡᠷᠭᠡ ᠠᠵᠢᠯ ᠡᠭᠦᠷᠭᠡ ᠳᠤ ᠶᠠᠪᠣᠵᠤ ᠪᠠᠢ᠌ᠭᠰᠠᠨ ᠶᠢᠡᠨ᠂ 1966 ᠣᠨ ᠳᠤ ᠣᠯᠤᠰ ᠤᠨ ᠠᠵᠢᠯ ᠳᠤ ᠣᠷᠤᠪᠠ᠃
ᠳᠠᠷᠠ ᠪᠠᠷ ᠠᠵᠢᠯ ᠳᠤ ᠭᠠᠷᠤᠭᠠᠤᠨ ᠳᠠᠮᠠᠢ ᠣᠳᠠᠭᠰᠠᠨ ᠦᠭᠡᠶ ᠪᠠᠷ᠂ 1968 ᠡᠴᠡ ᠳᠠᠭᠤᠳᠤᠨᠠᠭᠤᠷ᠂ ᠡᠷᠢᠶᠠᠨᠭᠤᠪᠢ᠂ ᠠᠯᠳᠠᠠᠭᠢᠯᠢ ᠵᠡᠷᠭᠡ ᠨᠢᠭᠡᠳᠦᠯ ᠰᠤᠮᠤ ᠨᠤᠭᠤᠳ ᠶᠢᠡᠷ ᠨᠢᠭᠡᠳᠦᠯ ᠤᠨ ᠬᠤᠪᠢᠰᠬᠠᠯ ᠤᠨ ᠵᠦᠪᠯᠠᠯ ᠤᠨ ᠳᠠᠳ᠋ ᠡᠷᠭᠢᠯᠡᠭ᠍ᠴᠢ᠂ ᠵᠢᠭᠡᠯᠡᠯᠭᠡ ᠶᠢᠨ ᠬᠤᠷᠰᠢᠶ᠎ᠠ ᠶᠢᠨ ᠡᠷᠭᠢᠯᠡᠭ᠍ᠴᠢ᠂ ᠨᠢᠭᠡᠳᠦᠯ ᠤᠨ ᠨᠠᠮ ᠤᠨ ᠬᠤᠷᠢᠶ᠎ᠠ ᠶᠢᠨ ᠳᠠᠳ᠋ ᠱᠦᠵᠢ᠂ ᠳᠠᠳ᠋ ᠡᠷᠭᠢᠯᠡᠭ᠍ᠴᠢ ᠵᠡᠷᠭᠡ ᠶᠠᠪᠣᠵᠤ ᠪᠠᠢ᠌ᠭᠰᠠᠨ ᠶᠢᠡᠨ᠂ 1976 ᠣᠨ ᠳᠤ᠂ ᠵᠡᠭᠦᠨ ᠦᠵᠦᠮᠤᠴᠢᠨ ᠬᠤᠰᠢᠭᠤᠨ ᠤ ᠨᠠᠮ ᠤᠨ ᠬᠤᠷᠢᠶ᠎ᠠ ᠶᠢᠨ ᠪᠠᠢ᠌ᠩᠭ᠋ᠤ ᠶᠢᠨ ᠭᠡᠰᠢᠭᠦᠨ᠂ ᠬᠤᠪᠢᠰᠬᠠᠯ ᠤᠨ ᠵᠦᠪᠯᠠᠯ ᠤᠨ ᠳᠠᠳ᠋ ᠡᠷᠭᠢᠯᠡᠭ᠍ᠴᠢ ᠪᠣᠯᠪᠠ᠃
1981 ᠣᠨ ᠳᠤ᠂ ᠵᠡᠭᠦᠨ ᠦᠵᠦᠮᠤᠴᠢᠨ ᠬᠤᠰᠢᠭᠤᠨ ᠤ ᠠᠷᠠᠤᠨ ᠤᠨ ᠵᠠᠰᠠᠭ ᠤᠨ ᠣᠷᠳᠤᠨ ᠤ ᠳᠠᠳ᠋ ᠬᠤᠰᠢᠭᠤ ᠳᠠᠷᠤᠭ᠎ᠠ 1984 ᠣᠨ ᠳᠤ ᠵᠡᠭᠦᠨ ᠦᠵᠦᠮᠤᠴᠢᠨ ᠬᠤᠰᠢᠭᠤᠨ ᠤ ᠠᠷᠠᠤᠨ ᠤᠨ ᠳᠦᠯᠦᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠶᠢᠨ ᠳᠠᠳ᠋ ᠡᠷᠭᠢᠯᠡᠭ᠍ᠴᠢ 1987 ᠣᠨ ᠳᠤ᠂ ᠵᠡᠭᠦᠨ ᠦᠵᠦᠮᠤᠴᠢᠨ ᠬᠤᠰᠢᠭᠤᠨ ᠤ ᠠᠷᠠᠤᠨ ᠤᠨ ᠵᠠᠰᠠᠭ ᠤᠨ ᠣᠷᠳᠤᠨ ᠤ ᠳᠠᠳ᠋ ᠬᠤᠰᠢᠭᠤ ᠳᠠᠷᠤᠭ᠎ᠠ᠂ ᠣᠢ ᠰᠢᠭᠤᠢ ᠤᠨ ᠵᠡᠪᠰᠡᠭ᠍ᠳᠤ ᠴᠠᠭᠳᠠᠭ᠎ᠠ ᠶᠢᠨ ᠶᠡᠭᠡ ᠠᠩᠭᠢ ᠶᠢᠨ ᠣᠯᠤᠰ ᠲᠦᠷᠦ ᠶᠢᠨ ᠵᠢᠭᠠᠨ ᠵᠢᠯᠤᠭᠤᠳᠤᠭᠴᠢ ᠵᠡᠷᠭᠡ ᠡᠭᠦᠷᠭᠡ ᠳᠤᠰᠢᠶᠠᠯ ᠢ ᠡᠭᠦᠷᠭᠡᠯᠡᠵᠤ ᠶᠠᠪᠣᠪᠠ᠃
1993 ᠣᠨ ᠳᠤ᠂ ᠪᠠᠷᠠᠭᠤᠨ ᠦᠵᠦᠮᠤᠴᠢᠨ ᠬᠤᠰᠢᠭᠤᠨ ᠤ ᠨᠠᠮ ᠤᠨ ᠬᠤᠷᠢᠶ᠎ᠠ ᠶᠢᠨ ᠳᠠᠳ᠋ ᠱᠦᠵᠢ᠂ ᠣᠯᠤᠰ ᠲᠦᠷᠦ ᠶᠢᠨ ᠵᠥᠪᠯᠡᠯᠭᠡᠨ ᠤ ᠨᠠᠮ ᠤᠨ ᠳᠤᠭᠣᠢ᠌ᠯᠠᠩ ᠤᠨ ᠱᠦᠵᠢ᠂ ᠳᠡᠷᠢᠭᠦᠯᠡᠭ᠍ᠴᠢ ᠪᠣᠯᠵᠤ 1996 ᠣᠨ ᠳᠤ ᠰᠢᠯᠢ ᠶᠢᠨ ᠭᠤᠤᠯ ᠠᠢ᠌ᠮᠠᠭ ᠤᠨ ᠣᠯᠤᠰ ᠲᠦᠷᠦ ᠶᠢᠨ ᠵᠥᠪᠯᠡᠯᠭᠡᠨ ᠤ ᠠᠵᠤ ᠠᠬᠤᠢ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠵᠦᠪᠯᠠᠯ ᠤᠨ ᠡᠷᠭᠢᠯᠡᠭ᠍ᠴᠢ ᠪᠠᠷ ᠰᠢᠯᠵᠢᠨ ᠢᠷᠠᠵᠤ ᠠᠵᠢᠯᠯᠠᠪᠠ᠃
1984 ᠣᠨ ᠳᠤ᠂ ᠳᠠᠷᠠ ᠦᠪᠣᠷ ᠮᠤᠩᠭ᠋ᠤᠯ ᠤᠨ ᠨᠠᠮ ᠤᠨ ᠰᠤᠷᠭᠠᠭᠤᠯᠢ ᠶᠢᠨ ᠢᠳᠠᠷ ᠵᠠᠯᠠᠭᠤ ᠣᠳᠤᠷᠢᠤᠠᠬᠤ ᠺᠠᠳ᠋ᠷ ᠤᠨ ᠳᠡᠭᠡᠳᠤ ᠵᠡᠷᠭᠡ ᠶᠢᠨ ᠳᠤᠰᠬᠠᠢ ᠮᠡᠷᠭᠡᠵᠢᠯ ᠤᠨ ᠠᠩᠭᠢ ᠳᠤ ᠰᠢᠯᠭᠠᠨ ᠣᠷᠤᠵᠤ ᠰᠤᠷᠤᠯᠴᠠᠨ᠂ 1986 ᠣᠨ ᠳᠤ᠂ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠨᠠᠮᠳᠠᠷ ᠲᠡᠶ ᠳᠡᠭᠦᠰᠴᠡᠢ᠃
ᠳᠠᠷᠠ ᠪᠣᠯ ᠣᠷᠤᠨ ᠨᠤᠳᠤᠭ ᠲᠠᠭᠠᠨ ᠠᠵᠢᠯᠯᠠᠵᠤ᠂ ᠣᠷᠤᠨ ᠨᠤᠳᠤᠭ ᠲᠠᠭᠠᠨ ᠭᠦᠮᠦᠵᠢᠭ᠍ᠳᠡᠵᠤ᠂ ᠣᠷᠤᠨ ᠨᠤᠳᠤᠭ ᠲᠠᠭᠠᠨ ᠵᠢᠦᠡᠭᠦᠵᠤ ᠶᠠᠪᠣᠭᠰᠠᠨ ᠵᠢᠪ ᠵᠢᠩᠭᠢᠨᠢ ᠣᠷᠤᠨ ᠨᠤᠳᠤᠭ ᠤᠨ ᠺᠠᠳ᠋ᠷ᠂ ᠣᠳᠤᠷᠢᠳᠤᠯᠭ᠎ᠠ ᠪᠣᠯᠬᠤ ᠶᠤᠮ᠃
ᠳᠠᠷᠠ ᠪᠠᠷ᠂ ᠣᠳᠤᠷᠢᠳᠤᠯᠭ᠎ᠠ ᠶᠢᠨ ᠠᠵᠢᠯ ᠶᠢᠡᠨ ᠣᠬᠠᠭᠠᠯᠢᠭ ᠴᠢᠳᠠᠮᠠᠭᠠᠢ ᠪᠠᠷ ᠭᠢᠵᠤ ᠪᠠᠶᠡᠯᠡᠭᠦᠯᠵᠤ ᠶᠠᠪᠣᠭᠰᠠᠨ ᠶᠢᠡᠷ ᠪᠠᠷᠠᠬᠤ ᠦᠭᠡᠶ᠂ ᠣᠯᠤᠰ ᠨᠡᠢ᠌ᠭᠡᠮ ᠤᠨ ᠮᠠᠰᠢ ᠣᠯᠠᠨ ᠰᠤᠳᠤᠯᠭᠠᠨ ᠰᠢᠡᠵᠢᠯᠡᠭᠡᠨ ᠳᠤ ᠣᠷᠤᠯᠴᠠᠵᠤ᠂ ᠵᠢᠦᠡᠭᠦᠯ ᠴᠢᠷᠮᠠᠢ᠌ᠯᠭ᠎ᠠ ᠭᠠᠷᠭᠠᠵᠤ᠂ ᠦᠪᠡᠷ ᠤᠨ ᠬᠤᠪᠢ ᠨᠡᠮᠡᠭᠦᠷᠢ ᠪᠠᠨ ᠥᠵᠡᠭᠦᠯᠵᠤ ᠶᠠᠪᠣᠭᠰᠠᠨ ᠶᠤᠮ᠃ ᠳᠠᠷᠠᠴᠢᠯᠠᠨ ᠣᠯᠤᠰ ᠣᠷᠤᠨ ᠤ ᠱᠠᠩᠨᠠᠯ ᠭᠦᠭᠢᠭᠦᠯᠦᠯ ᠢ ᠴᠤ ᠣᠯᠠᠠᠳᠠ ᠳᠤᠰᠴᠤ ᠶᠠᠪᠣᠭᠰᠠᠨ ᠪᠠᠢ᠌ᠭ᠎ᠠ᠃
ᠣᠷᠴᠢᠮ ᠤᠨ ᠭᠡᠳᠤᠨ ᠵᠢᠯ ᠡᠴᠡ ᠳᠠᠷᠠ᠂ ᠦᠪᠡᠷ ᠤᠨ ᠰᠤᠳᠤᠯᠭ᠎ᠠ ᠰᠢᠡᠵᠢᠯᠡᠭᠡ ᠪᠠᠨ᠂ ᠣᠷᠤᠨ ᠨᠤᠳᠤᠭ ᠤᠨ ᠳᠡᠦᠭᠡ ᠰᠤᠶᠤᠯ᠂ ᠨᠠᠮᠳᠠᠷ ᠴᠠᠳᠢᠭ᠂ ᠵᠠᠩᠰᠢᠯ ᠳᠠᠤᠠᠬᠠᠯ ᠢ ᠰᠤᠳᠤᠯᠬᠤ᠂ ᠪᠢᠴᠢᠭᠦ ᠳᠤ ᠴᠢᠭᠯᠡᠭᠦᠯᠵᠤ᠂ ᠨᠠᠯᠢᠶᠠᠤᠨ ᠳᠤᠷᠪᠢᠯᠢᠭ ᠰᠤᠳᠤᠯᠭᠠᠨ ᠤ ᠨᠤᠮ ᠵᠤᠬᠢᠶᠠᠯ ᠤᠳ ᠢ ᠪᠢᠴᠢᠵᠤ ᠭᠡᠪᠠᠯᠡᠭᠦᠯᠦᠭ᠍ᠰᠡᠨ ᠪᠠᠢ᠌ᠳᠠᠭ᠃ ᠡ᠊ᠨᠳᠡ ᠳᠡᠭᠦᠨ ᠤ ᠪᠢᠴᠢᠵᠤ ᠭᠡᠪᠯᠡᠭᠦᠯᠦᠭ᠍ᠰᠡᠨ ᠭᠤᠤᠯ ᠪᠣᠯᠬᠤ ᠨᠤᠮ ᠪᠦᠳᠦᠭᠡᠯ ᠡᠴᠡ ᠭᠡᠳᠤ ᠶᠢ ᠳᠤᠷᠠᠤᠠᠪᠠᠯ᠄
1᠂ 《ᠬᠠᠷᠠᠩᠭ᠋ᠤᠢ ᠶᠢ ᠠᠷᠢᠯᠭᠠᠭᠴᠢ ᠨᠤᠮ ᠤᠨ ᠭᠦᠷᠳᠤᠨ ᠭᠡᠢ᠌ᠤᠨ ᠊᠊᠊᠊᠊᠊᠊᠊᠊᠊᠊᠊᠊᠊᠊ ᠰᠢᠨ᠎ᠠ ᠰᠦᠮ᠎ᠡ》᠂ 2004 ᠣᠨ ᠳᠤ ᠭᠡᠪᠯᠡᠭᠦᠯᠪᠡ᠃ ᠣᠤᠯ ᠤᠨ ᠦᠵᠦᠮᠤᠴᠢᠨ ᠪᠠᠷᠠᠭᠤᠨ ᠬᠤᠰᠢᠭᠤᠨ ᠤ ᠬᠤᠰᠢᠭᠤᠨ ᠵᠢᠷᠭᠤᠭᠠᠨ ᠭᠡᠢ᠌ᠤᠨ ᠤᠨ ᠨᠢᠭᠡᠨ ᠪᠣᠯᠬᠤ ᠊᠊᠊᠊᠊᠊᠊᠊᠊᠊᠊᠊᠊᠊᠊ ᠰᠢᠨ᠎ᠡ ᠰᠦᠮ᠎ᠡ ᠶᠢᠨ ᠳᠡᠦᠭᠡ ᠴᠠᠳᠢᠭ᠂ ᠬᠤᠪᠢᠷᠠᠯ ᠭᠦᠭ᠍ᠵᠢᠯ᠂ ᠣᠳᠤᠭᠢ ᠪᠠᠢ᠌ᠳᠠᠯ ᠢ ᠳᠣᠢ᠌ᠮᠤᠴᠢᠯᠠᠨ ᠳᠡᠮᠳᠡᠭᠯᠡᠨ ᠪᠢᠴᠢᠭ᠍ᠰᠡᠨ ᠥᠩᠭᠡᠳᠤ ᠵᠢᠷᠤᠭᠳᠤ ᠳᠡᠭᠦᠪᠦᠷᠢ᠃
2᠂ 《ᠣᠯᠠᠭᠴᠢᠨ ᠮᠤᠭᠠᠢ ᠵᠢᠯ ᠤᠨ ᠳᠠᠮᠤᠷ ᠵᠤᠳ》᠂ 2009 ᠣᠨ ᠳᠤ ᠭᠡᠪᠯᠡᠭᠦᠯᠪᠡ᠃ 1977 ᠣᠨ ᠳᠤ᠂ ᠦᠵᠦᠮᠤᠴᠢᠨ ᠨᠤᠳᠤᠭ ᠲᠤ ᠪᠣᠯᠤᠭᠰᠠᠨ ᠶᠡᠭᠡ ᠵᠤᠳ ᠊᠊᠊᠊᠊᠊᠊᠊᠊᠊᠊᠊᠊᠊᠊ ᠴᠠᠭᠠᠨ ᠵᠤᠳ ᠤᠨ ᠪᠠᠢ᠌ᠳᠠᠯ ᠢ ᠳᠡᠮᠳᠡᠭᠯᠡᠨ ᠪᠢᠴᠢᠭ᠍ᠰᠡᠨ ᠪᠠᠷᠢᠮᠳᠠᠳᠤ ᠵᠤᠬᠢᠶᠠᠯ ᠤᠨ ᠳᠡᠭᠦᠪᠦᠷᠢ᠃ ᠳᠤᠰ ᠵᠤᠳ ᠲᠤ᠂ ᠳᠠᠷᠠ ᠪᠠᠷ ᠴᠠᠰᠤ ᠵᠤᠳ ᠲᠡᠶ ᠳᠡᠮᠡᠴᠡᠭᠦ ᠠᠵᠢᠯ ᠳᠤ᠂ ᠵᠡᠭᠦᠨ ᠦᠵᠦᠮᠤᠴᠢᠨ ᠬᠤᠰᠢᠭᠤᠨ ᠤ ᠭᠠᠮᠰᠢᠭ ᠲᠡᠶ (1977 ᠣᠨ ᠤ ᠴᠠᠰᠤ ᠵᠤᠳ ᠲᠡᠶ) ᠳᠡᠮᠡᠴᠡᠭᠦ ᠵᠢᠯᠤᠭᠤᠤᠠᠬᠤ ᠵᠦᠪᠯᠠᠯ ᠤᠨ ᠡᠷᠭᠢᠯᠡᠭ᠍ᠴᠢ ᠶᠢᠨ ᠬᠤᠪᠢ ᠪᠠᠷ ᠪᠠᠶᠠᠴᠢᠯᠠᠨ ᠣᠷᠤᠯᠴᠠᠭᠰᠠᠨ ᠪᠠᠢ᠌ᠭ᠎ᠠ ᠪᠦᠭᠡᠤᠨ ᠮᠠᠯᠴᠢᠨ ᠲᠦᠮᠡᠨ ᠲᠡᠶ ᠬᠠᠮᠳᠤ ᠣᠳᠤᠷ ᠬᠠᠢ᠌ᠳᠠᠭ (ᠠᠯᠤᠰ ᠤᠨ ᠣᠳᠤᠷ) ᠶᠠᠪᠣᠵᠤ᠂ ᠴᠠᠰᠤ ᠵᠤᠳ ᠲᠡᠶ ᠳᠡᠮᠡᠴᠭᠦ ᠠᠵᠢᠯ ᠢ ᠴᠤᠬᠤᠮ ᠭᠦ 《ᠳᠠᠢ᠌ᠨ》 ᠤ ᠡᠮᠤᠨ᠎ᠡ ᠫᠷᠤᠠᠲ᠋ ᠡᠴᠡ ᠰᠢᠭᠤᠳ ᠵᠢᠯᠤᠭᠤᠤᠠᠴᠤ᠂ ᠮᠠᠯᠴᠢᠨ ᠲᠦᠮᠡᠨ ᠲᠡᠶ ᠪᠠᠨ ᠴᠠᠰᠤ ᠵᠤᠳ ᠢ ᠠᠮᠵᠢᠯᠳᠠ ᠲᠡᠶ ᠳᠤᠭᠤᠯᠵᠤ ᠭᠠᠷᠴᠤ ᠪᠢᠯᠠ᠃
3᠂ 《ᠪᠠᠶᠠᠠᠳᠤᠭ ᠭᠠᠴᠠᠭ᠎ᠠ ᠶᠢᠨ ᠣᠢ᠌ᠯᠠᠯᠭ᠎ᠠ》᠂ 2011 ᠣᠨ ᠳᠤ ᠭᠡᠪᠯᠡᠭᠦᠯᠪᠡ᠃ ᠵᠡᠭᠦᠨ ᠦᠵᠦᠮᠤᠴᠢᠨ ᠬᠤᠰᠢᠭᠤᠨ ᠤ ᠳᠠᠭᠤᠳᠤᠨᠠᠭᠤᠷ ᠪᠠᠯᠭᠠᠰᠤᠨ ᠤ ᠪᠠᠶᠠᠠᠳᠤᠭ ᠭᠠᠴᠠᠭ᠎ᠠ ᠶᠢᠨ ᠳᠡᠦᠭᠡ᠂ ᠣᠢ᠌ᠯᠠᠯᠭ᠎ᠠ᠃
ᠡᠭᠦᠨ ᠡᠴᠡ ᠠᠰᠳᠠᠭᠠᠨ ᠪᠠᠰᠠ 《ᠵᠡᠭᠦᠨ ᠦᠵᠦᠮᠤᠴᠢᠨ ᠬᠤᠰᠢᠭᠤᠨ ᠤ ᠭᠤᠴᠢᠨ ᠳᠠᠪᠤᠨ ᠵᠢᠯ》 ᠭᠡᠭᠦ ᠨᠤᠮ ᠤᠨ ᠶᠡᠷᠦᠩᠭᠡᠢ ᠨᠠᠢ᠌ᠷᠠᠭᠤᠯᠤᠭᠴᠢ ᠪᠣᠯᠵᠤ ᠭᠡᠪᠯᠡᠭᠦᠯᠵᠤ ᠥᠩᠭᠡᠷᠡᠭ᠍ᠰᠡᠨ ᠪᠦᠭᠡᠤᠨ 《ᠨᠠᠰᠤᠨ ᠤ ᠴᠠᠭᠠᠨ ᠤᠶᠠᠩᠭ᠎ᠠ》᠂ 《ᠵᠠᠳᠠᠭᠠᠢ ᠰᠢᠯᠦᠭ᠌ ᠳᠠᠪᠣ》 ᠭᠡᠭᠦ ᠰᠢᠯᠦᠭ᠌ ᠵᠤᠬᠢᠶᠠᠯ ᠶᠢᠡᠷ ᠶᠢᠡᠨ ᠣᠷᠤᠨ ᠤ ᠳᠠᠰ ᠤᠨ ᠣᠤᠠᠬ᠎ᠠ ᠵᠤᠬᠢᠶᠠᠯ ᠤᠨ ᠱᠠᠩᠨᠠᠯ ᠢ ᠴᠤ ᠳᠤᠰᠴᠤ ᠥᠩᠭᠡᠷᠡᠵᠡᠢ᠃
2012.11.21 ᠊ᠤ ᠦᠳᠡᠰᠢ᠂ ᠬᠦᠬᠡᠬᠤᠲᠠᠨ᠎ᠡ᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ
ᠵᠤᠬᠢᠶᠠᠭᠴᠢ᠄ ᠭᠦᠷᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 66644
ᠴᠠᠭ᠄ 2013 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ