☆ ᠪᠦᠬᠡᠲᠤᠭᠲᠠᠬᠤ
ᠶᠠᠭᠠᠬᠢᠳᠠᠭ ᠶᠤᠮ
ᠰᠤᠨᠤᠰᠬᠤ ᠲᠤᠷᠠ ᠦᠭᠡᠶ ᠦᠭᠡ ᠶᠢ ᠴᠢ᠍ᠨᠢ
ᠰᠤᠨᠤᠷ ᠢ ᠴᠢ᠍ᠨᠢ ᠬᠤᠷᠤᠰᠬᠠᠵᠤ ᠬᠡᠯᠡᠬᠦ ᠳ᠋ᠥ ᠶᠠᠭᠠᠬᠢᠳ᠋ᠠᠭ ᠶᠤᠮ
ᠰᠤᠷᠳ᠋ᠤᠭᠤ ᠲᠡᠶ ᠲᠡᠷᠡ ᠵᠠᠩ ᠢ ᠴᠢ᠍ᠨᠢ ᠭᠤᠶᠠᠳ᠋ᠠᠵᠤ
ᠰᠤᠬᠤᠷ ᠲᠠᠰᠢ᠍ᠭᠤᠷ ᠪᠠᠭᠤᠯᠭᠠᠪᠠᠯ ᠶᠠᠭᠠᠬᠢᠳ᠋ᠠᠭ ᠶᠤᠮ
ᠨᠠᠩᠵᠢ᠍ᠳ ᠤᠨ ᠬᠠᠯᠰᠠᠭᠠᠨ ᠳ᠋ᠥ ᠨᠤᠶᠠᠨ ᠶᠢᠡᠨ ᠭᠠᠢ᠌ᠬᠠᠭᠤᠯᠵᠤ
ᠨᠤᠳ᠋ᠤᠭ ᠤᠨ ᠰᠢ᠍ᠷᠦᠢ ᠶᠢ ᠴᠢ᠍ᠮᠬᠢᠯᠡᠨ ᠬᠢᠮᠤᠰᠳ᠋ᠠᠵᠤ
ᠨᠠᠭᠠᠯᠢ᠍ᠩᠬᠠᠢ ᠦᠩᠭᠡᠨ ᠤ ᠲᠠᠴᠢ᠍ᠶᠠᠯ ᠳ᠋ᠥ ᠰᠢ᠍ᠨᠤᠬᠠᠢ᠌ᠷᠠᠭᠰᠠᠨ
ᠨᠠᠵᠠᠭᠠᠢ ᠰᠤᠷᠳ᠋ᠠᠯ ᠢ ᠴᠢ᠍ᠨᠢ ᠳᠠᠭᠠᠷᠢ᠍ᠬᠤ ᠳ᠋ᠥ ᠶᠠᠭᠠᠬᠢᠳ᠋ᠠᠭ ᠶᠤᠮ
ᠮᠦ᠋ᠩᠭᠦᠨ ᠮᠦ᠋ᠬᠦᠯᠢ᠍ᠭ᠌ ᠬᠤᠷᠠ ᠪᠠᠷ ᠱᠠᠭᠢᠭᠤᠯᠵᠤ
ᠮᠦ᠋ᠯᠬᠦᠵᠦ ᠂ ᠮᠦ᠋ᠷᠭᠦᠮᠡᠷ ᠵᠦ᠋ᠭᠡᠯᠡᠨ ᠨᠠᠭᠠᠯᠢ᠍ᠩᠬᠠᠢ᠌ᠷᠠᠵᠤ
ᠮᠦ᠋ᠮᠦ ᠶᠢᠨ ᠶᠢᠡᠨ ᠦᠯᠦᠭᠡᠢ᠌ᠳ᠋ᠡᠭ᠍ᠰᠡᠨ ᠰᠢ᠍ᠷᠤᠢ ᠶᠢ ᠬᠦᠨᠳ᠋ᠡᠵᠦ
ᠮᠦ᠋ᠷ ᠦᠭᠡᠶ ᠶᠠᠪᠤᠭᠰᠠᠨ ᠢ ᠴᠢ᠍ᠨᠢ ᠵᠠᠯᠬᠠᠬᠤ ᠳ᠋ᠥ ᠶᠠᠭᠠᠬᠢᠳ᠋ᠠᠭ ᠶᠤᠮ
ᠨᠠᠩᠭᠢᠶᠠᠳ ᠤᠨ ᠮᠠᠭᠤ ᠪᠠᠷ ᠪᠤᠷᠤᠭᠣ ᠬᠡᠯᠡᠯᠵᠦ
ᠨᠤᠳ᠋ᠤᠭ ᠤᠨ ᠪᠠᠨ ᠰᠢ᠍ᠮᠠ ᠶᠢ ᠳᠤᠷᠠ ᠪᠠᠷ ᠲᠠᠯᠬᠢᠳ᠋ᠠᠵᠤ
ᠨᠢ᠍ᠭᠤᠴᠠ ᠪᠠᠷ ᠂ ᠢᠯᠡ ᠪᠠᠷ ᠨᠤᠮᠯᠤᠵᠤ ᠪᠠᠢ᠌ᠬᠤ ᠶᠢ ᠴᠢ᠍ᠨᠢ
ᠨᠠᠢ᠌ᠷᠠᠭ ᠤᠨ ᠰᠡᠯᠡᠮᠠ ᠪᠠᠷ ᠴᠠᠪᠴᠢ᠍ᠬᠤ ᠳ᠋ᠥ ᠶᠠᠭᠠᠬᠢᠳ᠋ᠠᠭ ᠶᠤᠮ
ᠱᠢ᠍ᠳ᠋ᠤᠷᠭᠤ ᠭᠠᠳ᠋ᠠ ᠶᠢᠨ ᠴᠢ᠍ᠰᠤ ᠶᠢ ᠰᠢ᠍ᠩᠭᠡᠭᠡᠵᠦ
ᠴᠤᠤᠳ᠋ᠠᠢ ᠭᠠᠯᠳ᠋ᠠᠨ ᠤ ᠰᠦ᠋ᠰᠦ ᠶᠢ ᠪᠤᠴᠠᠯᠭᠠᠵᠤ
ᠪᠤᠷᠬᠠᠨ ᠶᠢᠡᠨ ᠪᠢᠰᠢ ᠂ ᠰᠢ᠍ᠷᠤᠢ ᠪᠠᠨ ᠳᠠᠬᠢᠵᠤ
ᠪᠠᠭᠠᠯᠵᠤᠤᠷ ᠬᠦᠵᠦᠭᠦᠤ ᠶᠢ ᠴᠢ᠍ᠨᠢ ᠮᠤᠰᠬᠢᠪᠠᠯ ᠶᠠᠭᠠᠬᠢᠳ᠋ᠠᠭ ᠶᠤᠮ
ᠦᠪᠡᠷ ᠳᠡᠭᠡᠨ ᠪᠢᠰᠢ ᠂ ᠦᠷᠠ ᠳᠡᠭᠡᠨ
ᠦᠮᠴᠢ᠍ᠯᠡᠵᠦ ᠦᠪᠯᠡᠭ᠍ᠰᠡᠨ ᠰᠢ᠍ᠷᠤᠢ ᠪᠠᠨ
ᠦᠷᠦᠭᠡᠯ ᠤᠨ ᠰᠠᠪᠠᠷ ᠡᠴᠡ ᠬᠠᠷᠠᠮᠨᠠᠵᠤ
ᠦᠩᠬᠦᠯᠵᠦᠭ᠌ ᠢ ᠴᠢ᠍ᠨᠢ ᠬᠠᠭᠠᠷᠠᠳ᠋ᠠᠯᠠ ᠠᠶᠤᠯᠭᠠᠬᠤ ᠳ᠋ᠥ ᠶᠠᠭᠠᠬᠢᠳ᠋ᠠᠭ ᠶᠤᠮ ᠃
ᠵᠤᠬᠢᠶᠠᠭᠴᠢ᠄ ᠪᠦᠬᠡᠲᠤᠭᠲᠠᠬᠤ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶᠠ᠄
ᠰᠢᠯᠦᠭᠳᠠᠷᠤᠮ᠄ 69859
ᠴᠠᠭ᠄ 2017 ᠤᠨ ᠤ 04 ᠰᠠᠷᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ