ᠨᠡᠪᠲᠡᠷᠡᠨ ᠤᠷᠤᠬᠤ
ᠰᠤᠭᠳᠤᠬᠤ ᠪᠣᠯ ᠁

ᠣᠢ᠌ᠤᠠᠬᠠᠷ

ᠣᠰᠤᠨ ᠨᠢᠳᠦᠯᠡᠭᠦ ᠳᠤ

ᠪᠢ ᠠᠷᠢᠭᠢ ᠣᠤᠭᠤᠨ᠎ᠠ

ᠣᠩᠭ᠋ᠤᠨ ᠬᠠᠢ᠌ᠷ᠎ᠠ ᠶᠢᠨ

ᠦᠨᠦᠴᠢᠷᠠᠯ ᠭᠠᠭᠴᠠᠭᠠᠷᠳᠠᠯ ᠳᠤ

ᠭᠠᠰᠢᠭᠤᠨ ᠶᠢᠡᠷ ᠰᠤᠭᠳᠤᠨ᠎ᠠ᠁

ᠰᠤᠭᠳᠤᠬᠤ ᠪᠣᠯ ᠮᠢᠨᠤᠭᠢ

ᠰᠡᠳᠭᠢᠯ ᠤᠨ ᠭᠡᠯᠪᠠᠷᠢ

ᠦᠪᠡᠷᠮᠢᠴᠠ ᠳᠠᠢ᠌ᠪᠣᠷᠰᠢᠯ

ᠰᠤᠨᠤᠷ ᠬᠠᠷᠠᠴᠠ ᠪᠠᠨ ᠳᠦᠭ᠍ᠵᠢᠭ᠍ᠰᠡᠨ

ᠰᠠᠷᠠᠯ ᠮᠠᠳᠠᠷᠠᠮᠵᠢ ᠶᠢᠨ

ᠭᠡᠪᠠᠷᠡᠭ᠌ ᠣᠷᠴᠢᠨ︕

ᠰᠢᠨᠤᠵᠤ ᠬᠤᠪᠳᠤᠭᠯᠠᠬᠤ ᠶᠢᠨ ᠣᠴᠢᠷ ᠪᠢᠰᠢ ᠴᠤ

ᠰᠢᠷᠭᠠᠯ ᠪᠦᠷᠦᠢ ᠪᠦᠭᠦᠨ ᠤ ᠰᠢᠨᠠᠯᠤᠯ ᠶᠢᠡᠨ

ᠠᠷᠢᠭᠢ ᠪᠠᠷ ᠳᠡᠪᠳᠦᠭᠡᠨ᠎ᠡ

ᠰᠢᠵᠢᠷ ᠠᠯᠳᠠᠨ ᠡᠴᠡ ᠦᠨᠡᠳᠠᠢ ᠬᠠᠢ᠌ᠷ᠎ᠠ ᠳᠤᠷᠠᠯᠠᠯ

ᠰᠢᠷᠣᠢ᠌ᠳᠠᠵᠤ ᠡᠯᠢᠭᠡ ᠪᠠᠷ ᠶᠢᠡᠨ ᠣᠨᠠᠭᠰᠠᠨ ᠳᠤ

ᠠᠯᠮᠠᠢ᠌ᠷᠠᠨ ᠰᠤᠭᠳᠤᠨ᠎ᠠ᠁

ᠠᠷᠢᠭᠢᠨ ᠳᠤ ᠰᠤᠭᠳᠤᠬᠤ ᠪᠣᠯ ᠮᠢᠨᠤ

ᠠᠮᠢ ᠨᠠᠰᠤᠨ ᠡᠴᠡ ᠰᠡᠭᠦᠷᠡᠰᠦᠯᠡᠭᠦ

ᠡᠮᠵᠡᠭ᠌ ᠮᠢᠡᠴᠦᠭᠦᠷᠡᠯ

ᠠᠮᠢᠳᠤ ᠳᠠᠭᠠᠨ ᠶᠠᠳᠠᠷᠠᠯ ᠮᠠᠷᠳᠠᠵᠤ ᠵᠢᠷᠭᠠᠬᠤ

ᠠᠵᠠ ᠲᠡᠶ ᠊ᠭ᠍ᠱᠡᠨ

ᠦᠨᠡᠳᠤ ᠬᠤᠷᠤᠮ︕

ᠥᠩᠭᠡᠷᠡᠭ᠍ᠰᠡᠨ ᠳᠤᠷᠠᠰᠤᠯ᠂ ᠳᠤᠷᠠᠳᠬᠠᠯ ᠨᠡᠪᠴᠢᠭᠡᠵᠤ

ᠥᠷᠦᠭᠡᠯ ᠤᠨ ᠳᠠᠯᠳᠠ ᠳᠤ ᠪᠢ

ᠠᠷᠢᠭᠢ ᠣᠤᠭᠤᠨ᠎ᠠ

ᠦᠨ᠎ᠡ ᠮᠥᠩᠭᠦᠨ ᠳᠤ ᠰᠢᠯᠢᠭ᠍ᠳᠡᠭ᠍ᠰᠡᠨ

ᠦᠨᠡᠠᠴᠢ ᠶᠢᠨ ᠬᠠᠢ᠌ᠷ᠎ᠠ ᠳᠤ ᠪᠠᠨ

ᠣᠬᠠᠭᠠᠷᠠᠵᠤ ᠰᠤᠭᠳᠤᠨ᠎ᠠ᠁

ᠭᠡᠩᠰᠢᠭᠦᠷᠡᠵᠤ ᠰᠤᠭᠳᠤᠬᠤ ᠪᠣᠯ

ᠭᠡᠨ ᠭᠦᠮᠤᠨ ᠴᠤ ᠡᠰᠡ ᠣᠢ᠌ᠯᠠᠭᠠᠬᠤ

ᠭᠡᠮ ᠨᠢᠭᠤᠴᠠᠭᠠᠨ ᠥᠷᠡᠭ᠍ᠳᠡᠯ ᠳᠤ ᠡᠮᠵᠡᠭᠯᠡᠭᠦ

ᠭᠡᠯᠡ ᠪᠢᠳᠡᠭᠦᠤ ᠵᠢᠷᠦᠭᠡᠨ ᠤ ᠦᠴᠢᠯ ᠡ︕᠁

ᠰᠤᠭᠳᠤᠬᠤ ᠨᠠᠮ᠎ᠠ ᠶᠢ ᠪᠢᠳᠡᠭᠡᠢ ᠵᠢᠭ᠍ᠰᠢᠭᠡᠷᠡᠢ︕

ᠰᠤᠭᠳᠤᠬᠤ ᠪᠣᠯ ᠭᠦᠮᠤᠨ ᠮᠦᠰᠤ ᠶᠢᠨ

ᠴᠠᠢ᠌ᠯᠭᠠᠨ ᠨᠢᠭᠤᠷ ᠳᠠᠯ᠎ᠠ ᠶᠤᠮ︕

ᠰᠤᠭᠳᠤᠬᠤ ᠭᠦᠮᠤᠨ ᠢ ᠪᠢᠳᠡᠭᠡᠢ ᠪᠠᠰᠤᠭᠠᠷᠠᠢ︕

ᠰᠤᠭᠳᠤᠬᠤ ᠪᠣᠯ ᠰᠡᠷᠭᠦᠵᠤ ᠠᠮᠢᠳᠤᠷᠠᠬᠤ ᠶᠢᠨ

ᠡᠭᠢᠯᠡᠯᠳᠡ ᠶᠤᠮ ᠡ︕᠁


ᠳᠦᠡᠭᠯᠢᠶ‍ᠦᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ ᠠᠭᠤᠯᠠ ᠪᠠᠯᠭᠠᠰᠤ ᠵᠡᠭᠦᠨ ᠳᠤᠤᠷᠠᠰᠤ ᠭᠠᠴᠠᠭ᠎ᠠ

ᠵᠤᠬᠢᠶᠠᠭᠴᠢ᠄ ᠳᠤᠷᠤᠨᠠᠴᠤᠤᠷᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ