☆ ᠰ·ᠪᠠᠳᠤᠪᠠᠶᠠᠷ
ᠮᠤᠩᠭ᠋ᠤᠯ ᠪᠢᠯᠠ
ᠡᠴᠢᠭᠡ ᠳᠡᠭ᠍ᠷᠢ ᠡᠴᠡ ᠵᠠᠶᠠᠭᠠᠭᠰᠠᠨ
ᠡᠷᠳᠡᠨᠢ ᠰᠠᠢ᠌ᠬᠠᠨ ᠨᠤᠳᠤᠭ ᠮᠢᠨᠢ ᠮᠤᠩᠭ᠋ᠤᠯ ᠪᠢᠯᠠ᠃
ᠡᠵᠢ ᠳᠡᠯᠡᠭᠡᠢ ᠶᠢᠨ ᠦᠷᠦᠰᠢᠶᠡᠭ᠍ᠰᠡᠨ
ᠢᠪᠠᠭᠡᠯ ᠤᠨ ᠨᠤᠭᠤᠭᠠᠨ ᠳᠠᠯ᠎ᠠ ᠮᠢᠨᠢ ᠮᠤᠩᠭ᠋ᠤᠯ ᠪᠢᠯᠠ᠃
ᠡᠷᠭᠢᠵᠤ ᠰᠠᠨᠠᠵᠤ ᠶᠠᠪᠣᠭᠰᠠᠨ
ᠠᠮᠠᠷᠠᠭ ᠬᠤᠩᠭ᠋ᠤᠷ ᠪᠦᠰᠡᠭᠦᠢ ᠮᠢᠨᠢ ᠮᠤᠩᠭ᠋ᠤᠯ ᠪᠢᠯᠠ᠃
ᠡᠯᠡᠭᠡᠵᠤ ᠳᠤᠷᠠᠰᠴᠤ ᠶᠠᠪᠣᠭᠰᠠᠨ
ᠠᠯᠳᠠᠨ ᠰᠢᠷᠭᠠᠯ ᠨᠠᠮᠤᠷ ᠤᠳ ᠮᠤᠩᠭ᠋ᠤᠯ ᠪᠢᠯᠠ᠃
ᠠᠭᠳᠠ ᠶᠢᠨ ᠳᠤᠭᠤᠷᠠᠢ ᠡᠴᠡ ᠥᠰᠦᠷᠦᠭ᠍ᠰᠡᠨ
ᠳᠠᠯ᠎ᠠ ᠶᠢᠨ ᠪᠣᠷᠤ ᠴᠢᠯᠠᠭᠤ ᠮᠤᠩᠭ᠋ᠤᠯ ᠪᠢᠯᠠ᠃
ᠠᠰᠬ᠎ᠠ ᠬᠠᠳᠠ ᠡᠴᠡ ᠭᠦᠷᠭᠡᠷᠡᠨ ᠪᠠᠭᠤᠭᠰᠠᠨ
ᠳᠤᠭᠰᠢᠨ ᠣᠷᠤᠰᠬᠠᠯᠳᠤ ᠭᠦᠷᠭᠢᠷ᠎ᠡ ᠮᠤᠩᠭ᠋ᠤᠯ ᠪᠢᠯᠠ᠃
ᠠᠭᠤᠤ ᠳᠡᠭ᠍ᠷᠢ ᠡᠴᠡ ᠠᠰᠬᠠᠷᠴᠤ ᠪᠠᠭᠤᠭᠰᠠᠨ
ᠠᠶᠤᠩᠭ᠋᠎ᠠ ᠶᠢᠨ ᠭᠦᠴᠦᠳᠤ ᠪᠣᠷᠤᠭ᠎ᠠ ᠮᠤᠩᠭ᠋ᠤᠯ ᠪᠢᠯᠠ᠃
ᠠᠪᠣ ᠶᠢᠨ ᠭᠠᠩᠰᠠ ᠡᠴᠡ ᠰᠤᠭᠤᠨᠠᠭᠯᠠᠭᠰᠠᠨ
ᠳᠠᠮᠠᠭᠢ ᠶᠢᠨ ᠭᠦᠭᠡ ᠣᠳᠤᠭ᠎ᠠ ᠴᠤ ᠮᠤᠩᠭ᠋ᠤᠯ ᠪᠢᠯᠠ᠃
ᠣᠶᠠᠩᠭ᠋᠎ᠠ ᠶᠢᠨ ᠳᠡᠭ᠍ᠷᠢ ᠳᠤ ᠴᠤᠤᠷᠢᠶᠠᠳᠤᠭᠰᠠᠨ
ᠣᠷᠳᠤ ᠶᠢᠨ ᠰᠠᠢ᠌ᠬᠠᠨ ᠳᠠᠭᠤᠤ ᠮᠢᠨᠢ ᠮᠤᠩᠭ᠋ᠤᠯ ᠪᠢᠯᠠ᠃
ᠣᠭᠰᠠᠭ᠎ᠠ ᠶᠠᠰᠤᠳᠠᠨ ᠶᠢᠡᠨ ᠪᠣᠳᠤᠳᠤᠭ
ᠣᠮᠤᠭ ᠤᠨ ᠨᠤᠭᠤᠭᠠᠨ ᠭᠠᠯ ᠮᠢᠨᠢ ᠮᠤᠩᠭ᠋ᠤᠯ ᠪᠢᠯᠠ᠃
ᠣᠷᠤᠰᠢᠨ ᠠᠮᠢᠳᠤᠷᠠᠵᠤ ᠢᠷᠡᠭ᠍ᠰᠡᠨ
ᠦᠷᠦᠭᠡ ᠴᠠᠭᠠᠨ ᠭᠡᠷ ᠮᠢᠨᠢ ᠮᠤᠩᠭ᠋ᠤᠯ ᠪᠢᠯᠠ᠃
ᠦᠷᠤᠰᠢᠶᠠᠵᠤ ᠳᠠᠭᠠᠳᠬᠠᠵᠤ ᠶᠠᠪᠣᠭᠰᠠᠨ
ᠡᠪᠦᠭᠡᠳ ᠤᠨ ᠪᠣᠭᠤᠷᠤᠯ ᠢᠷᠦᠭᠡᠯ ᠮᠤᠩᠭ᠋ᠤᠯ ᠪᠢᠯᠠ᠃
ᠠᠳᠤᠭᠤ ᠮᠠᠯ ᠶᠢᠡᠨ ᠬᠠᠷᠢᠭᠤᠯᠤᠭᠰᠠᠨ
ᠠᠳᠤᠭᠤᠴᠢᠨ ᠠᠬ᠎ᠠ ᠶᠢᠨ ᠬᠤᠯᠠ ᠶᠢᠨ ᠪᠠᠷ᠎ᠠ ᠮᠤᠩᠭ᠋ᠤᠯ ᠪᠢᠯᠠ᠃
ᠠᠷᠭᠠᠯ ᠲᠦᠯᠠᠰᠢ ᠪᠠᠨ ᠳᠡᠭᠦᠭ᠍ᠰᠡᠨ
ᠠᠢ᠌ᠯ ᠶᠢᠨ ᠡᠭᠡᠴᠢ ᠨᠡᠷ ᠤᠨ ᠬᠤᠩᠭ᠋ᠤᠷᠬᠠᠨ ᠢᠨᠢᠶᠠᠳᠤ ᠮᠤᠩᠭ᠋ᠤᠯ ᠪᠢᠯᠠ᠃
ᠠᠳᠠᠷ ᠳᠠᠯ᠎ᠠ ᠪᠠᠷ ᠠᠯᠠᠭᠳᠠᠷᠠᠭᠰᠠᠨ
ᠴᠡᠴᠡᠭ᠌ ᠤᠨ ᠰᠠᠢ᠌ᠬᠠᠨ ᠮᠦᠰᠢᠶᠠᠯ ᠮᠤᠩᠭ᠋ᠤᠯ ᠪᠢᠯᠠ᠃
ᠠᠭᠠᠷ ᠳᠡᠭ᠍ᠷᠢ ᠡᠴᠡ ᠳᠡᠭᠦᠯᠢᠭ᠍ᠰᠡᠨ
ᠡᠷᠡᠯᠭᠡᠭ᠌ ᠪᠦᠷᠭᠦᠤᠨ ᠤᠨ ᠰᠢᠭᠦᠷᠡᠯ ᠮᠤᠩᠭ᠋ᠤᠯ ᠪᠢᠯᠠ᠃
ᠮᠥᠩᠭᠡ ᠳᠡᠭ᠍ᠷᠢ ᠶᠢᠨ ᠳᠤᠤᠷ᠎ᠠ
ᠮᠥᠩᠭᠡᠷᠡᠵᠤ ᠢᠷᠡᠭ᠍ᠰᠡᠨ ᠰᠦᠷ ᠮᠤᠩᠭ᠋ᠤᠯ ᠪᠢᠯᠠ᠃
ᠮᠥᠩᠭᠦᠨ ᠳᠡᠯᠡᠭᠡᠢ ᠶᠢᠨ ᠣᠷᠤᠴᠠ ᠳ᠋ᠤ
ᠮᠠᠠᠳᠤᠵᠤ ᠶᠠᠪᠣᠭᠰᠠᠨ ᠳᠡᠦᠭᠡ ᠮᠤᠩᠭ᠋ᠤᠯ ᠪᠢᠯᠠ᠃
ᠮᠥᠩᠭᠡᠷᠡᠭᠦ ᠵᠦᠪᠳᠠᠢ ᠭᠢᠯᠪᠠᠯᠵᠠᠵᠤ ᠣᠳᠤᠭᠰᠠᠨ
ᠦᠴᠦᠭᠡᠳᠦᠷ ᠤᠨ ᠣᠮᠤᠭ ᠮᠤᠩᠭ᠋ᠤᠯ ᠪᠢᠯᠠ᠃
ᠮᠤᠷᠢ ᠲᠡᠶ ᠪᠠᠨ ᠬᠠᠮᠳᠤ ᠴᠢᠯᠠᠭᠤᠵᠢᠭᠰᠠᠨ
ᠦᠨᠦᠳᠤᠷ ᠤᠨ ᠵᠠᠶᠠᠭ᠎ᠠ ᠮᠤᠩᠭ᠋ᠤᠯ ᠪᠢᠯᠠ᠃
ᠠᠭᠳᠠ ᠶᠢᠨ ᠨᠢᠷᠤᠭᠤᠨ ᠳᠡᠭᠡᠷ᠎ᠡ ᠢᠰᠭᠢᠷᠴᠤ ᠶᠠᠪᠣᠭᠰᠠᠨ
ᠠᠷᠪᠢᠨ ᠭᠤᠷᠪᠠᠳᠤᠭᠠᠷ ᠵᠠᠭᠤᠨ ᠮᠤᠩᠭ᠋ᠤᠯ ᠪᠢᠯᠠ᠃
ᠠᠯᠳᠠᠨ ᠬᠠᠩᠭ᠋ᠠᠢ ᠶᠢᠨ ᠨᠤᠶᠠᠨ ᠣᠷᠭᠢᠯ ᠳᠡᠭᠡᠷ᠎ᠡ
ᠬᠠᠳᠠᠭ ᠨᠥᠮᠦᠷᠭᠡᠭ᠍ᠰᠡᠨ ᠪᠣᠭᠤᠷᠤᠯ ᠰᠢᠳᠦᠭᠡᠨ ᠮᠤᠩᠭ᠋ᠤᠯ ᠪᠢᠯᠠ᠃
ᠠᠪᠣ ᠡᠵᠢ᠂ ᠡᠯᠦᠡᠴᠡ ᠬᠤᠯᠤᠠᠴᠠ ᠶᠢᠨ ᠦᠶ᠎ᠡ ᠡᠴᠡ
ᠠᠩ ᠶᠢᠡᠷ ᠠᠮᠢᠳᠤᠷᠠᠭᠰᠠᠨ ᠣᠬᠠᠭᠠᠨ ᠮᠤᠩᠭ᠋ᠤᠯ ᠪᠢᠯᠠ᠃
ᠠᠯᠳᠠ ᠦᠭᠪᠠᠴᠤ ᠠᠯᠠᠭᠠᠬᠠᠨ ᠭᠠᠵᠠᠷ ᠶᠢᠡᠨ ᠰᠤᠯᠢᠳᠠᠭ ᠥᠭᠡᠢ
ᠠᠷᠢᠭᠤᠨ ᠴᠢᠭᠡᠴᠢ ᠵᠢᠷᠤᠮ ᠮᠤᠩᠭ᠋ᠤᠯ ᠪᠢᠯᠠ᠃
ᠭᠦᠮᠤᠨ ᠳᠦᠷᠤᠯᠭᠢᠳᠠᠨ ᠤ ᠳᠡᠦᠭᠡ ᠶᠢ ᠡᠭᠦᠳᠦᠭ᠍ᠰᠡᠨ
ᠭᠦᠭᠡ ᠰᠤᠳᠤᠷ ᠤᠨ ᠬᠠᠭᠤᠳᠠᠰᠤ ᠮᠤᠩᠭ᠋ᠤᠯ ᠪᠢᠯᠠ᠃
ᠭᠦᠵᠦᠭᠦᠤ ᠴᠠᠪᠴᠢᠪᠠᠴᠤ ᠨᠤᠭᠤᠷᠠᠵᠤ ᠣᠨᠠᠳᠠᠭ ᠥᠭᠡᠢ
ᠵᠤᠷᠢᠭ ᠪᠣᠰᠤᠭ᠎ᠠ ᠰᠦᠷ ᠮᠤᠩᠭ᠋ᠤᠯ ᠪᠢᠯᠠ᠃
ᠭᠦᠴᠦᠷᠭᠡᠭ᠌ ᠤᠨ ᠡᠮᠦᠨ᠎ᠡ ᠮᠠᠠᠳᠤᠭᠤᠯᠵᠤ ᠶᠠᠪᠣᠭᠰᠠᠨ
ᠶᠢᠰᠤᠨ ᠭᠦᠭᠦᠯᠳᠤ ᠴᠠᠭᠠᠨ ᠳᠤᠭ ᠮᠤᠩᠭ᠋ᠤᠯ ᠪᠢᠯᠠ᠃
ᠭᠦᠴᠦᠳᠤ ᠶᠢᠨ ᠡᠮᠦᠨ᠎ᠡ ᠪᠣᠰᠴᠤ ᠵᠤᠭᠰᠤᠭᠰᠠᠨ
ᠰᠦᠯᠳᠡ ᠪᠣᠰᠤᠭ᠎ᠠ ᠳᠦᠷᠢ ᠨᠢ ᠮᠤᠩᠭ᠋ᠤᠯ ᠪᠢᠯᠠ᠃
ᠳᠠᠭᠢᠳᠠᠭ ᠡᠴᠡ ᠥᠪᠯᠡᠭ᠍ᠰᠡᠨ
ᠮᠥᠩᠭᠡ ᠶᠢᠨ ᠨᠠᠷᠠ ᠮᠢᠨᠢ ᠮᠤᠩᠭ᠋ᠤᠯ ᠪᠢᠯᠠ᠃
ᠳᠡᠯᠡᠭᠡᠢ ᠳᠤ ᠬᠤᠪᠣᠷᠬᠠᠨ
ᠮᠤᠷᠢᠳᠤ ᠳᠡᠦᠭᠡ ᠮᠢᠨᠢ ᠮᠤᠩᠭ᠋ᠤᠯ ᠪᠢᠯᠠ᠃
ᠳᠡᠭᠡᠷᠡᠮ ᠳᠤ ᠠᠯᠳᠠᠭᠰᠠᠨ
ᠨᠢ᠋ᠮᠠᠨ ᠰᠢᠷᠭ᠎ᠠ ᠮᠢᠨᠢ ᠮᠤᠩᠭ᠋ᠤᠯ ᠪᠢᠯᠠ᠃
ᠳᠡᠯᠭᠡᠷ ᠪᠠᠶᠠᠨ ᠨᠤᠳᠤᠭ ᠨᠢᠷᠤᠭᠤᠨ ᠮᠢᠨᠢ
ᠨᠠᠯᠠᠭᠠᠷ ᠶᠤᠰᠤᠭᠠᠷ ᠶᠢᠡᠨ ᠮᠤᠩᠭ᠋ᠤᠯ ᠪᠢᠯᠠ᠃
ᠵᠤᠬᠢᠶᠠᠭᠴᠢ ᠶᠢᠨ ᠬᠠᠶᠢᠭ ᠄ ᠰᠢᠠᠵᠢᠶᠠᠩ ᠤᠨ ᠪᠠᠶᠠᠠᠭᠤᠤᠯ ᠵᠸᠤ ᠶᠢᠨ ᠳᠸᠯᠸᠰ ᠬᠤᠷᠢᠶ᠎ᠠ
ᠵᠤᠬᠢᠶᠠᠭᠴᠢ᠄ ᠰ·ᠪᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ