☆ ᠵᠢᠯᠠᠮ·ᠮᠠᠠᠳᠤᠪᠠᠶᠠᠷ
ᠰᠡᠭᠦᠯᠴᠢ ᠶᠢᠨ ᠠᠮᠢᠰᠬᠤᠭ᠎ᠠ
ᠬᠤᠷᠸ᠎ᠠ ᠳ᠋ᠤ
ᠭᠦᠮᠤᠨ ᠪᠣᠯᠵᠤ ᠳᠦᠷᠦᠭᠡᠳ
ᠡᠷ᠎ᠡ ᠪᠣᠯᠵᠤ ᠦᠰᠦᠯ᠎ᠠ
ᠡᠷ᠎ᠡ ᠪᠣᠯᠵᠤ ᠥᠰᠦᠭ᠍ᠰᠡᠨ ᠵᠢᠠᠨ
ᠡᠴᠢᠭᠡ ᠪᠣᠯᠵᠤ ᠦᠳᠡᠯᠤᠯᠠ︕
ᠥᠳᠡᠯᠦᠭ᠍ᠰᠡᠨ ᠠᠮᠢᠳᠤᠷᠠᠯ ᠳᠠᠭᠤᠰᠬᠤ ᠭᠡᠵᠤ
ᠣᠳᠤ᠂ ᠣᠷᠤᠨ ᠳᠡᠭᠡᠷ᠎ᠡ ᠪᠠᠨ
ᠠᠮᠢᠰᠬᠤᠯ ᠳᠠᠪᠬᠤᠴᠠᠨ ᠭᠡᠪᠳᠡᠨ᠎ᠡ᠂
ᠬᠤᠷᠸ᠎ᠠ ᠳᠤ
ᠪᠢ ᠶᠠᠭᠤ ᠪᠠᠨ ᠥᠯᠡᠳᠡᠭᠡᠭᠦ ᠪᠢᠯᠠ︕ ᠭᠡᠵᠤ
ᠶᠠᠷᠤ ᠡᠴᠡ ᠪᠠᠨ ᠪᠣᠳᠤᠭ᠎ᠠ ᠦᠭᠡᠶ ᠣᠴᠢᠷ
ᠪᠣᠳᠤᠯ ᠳᠤᠳᠤᠷ᠎ᠠ ᠮᠢᠨᠢ ᠡᠷᠭᠢᠯᠳᠦᠨ᠎ᠡ᠂
ᠬᠤᠷᠸ᠎ᠠ ᠳ᠋ᠤ
ᠪᠢ ᠭᠡᠵᠤ ᠠᠮᠢᠳᠤᠷᠠᠵᠤ ᠶᠠᠪᠣᠭᠰᠠᠨ ᠵᠢᠠᠨ
ᠶᠠᠭᠤ ᠪᠠᠷ ᠶᠢᠡᠨ ᠭᠡᠷᠡᠴᠢᠯᠡᠭᠦ ᠪᠢᠯᠠ︕ ᠭᠡᠵᠤ
ᠭᠢᠭ᠍ᠰᠡᠨ ᠪᠦᠳᠦᠭᠡᠭ᠍ᠰᠡᠨ ᠵᠣᠢ᠌ᠯ ᠵᠢᠠᠨ
ᠦᠨ᠎ᠡ ᠭᠦᠷᠭᠡᠵᠤ ᠪᠣᠳᠤᠨ᠎ᠠ
ᠪᠣᠳᠤᠯ᠎ᠠ ᠴᠤ ᠭᠡᠰᠡᠨ
ᠪᠣᠷᠤ ᠭᠡᠷ ᠡᠴᠡ ᠪᠠᠨ ᠢᠯᠡᠭᠦᠤ ᠶᠢ ᠪᠦᠳᠦᠭᠡᠭᠡ ᠥᠭᠡᠢ
ᠦᠨᠡᠯᠠᠯᠠ ᠴᠤ ᠭᠡᠰᠡᠨ
ᠦᠷ᠎ᠡ ᠪᠠᠨ ᠥᠰᠭᠡᠭᠦ ᠡᠴᠡ ᠢᠯᠡᠭᠦᠤ ᠭᠠᠪᠢᠶ᠎ᠠ ᠦᠭᠡᠶ᠃
ᠵᠠᠯᠠᠭᠤ ᠳᠤ ᠪᠠᠨ
ᠰᠠᠢ᠌ᠨ ᠮᠤᠷᠢ
ᠰᠠᠢ᠌ᠬᠠᠨ ᠭᠡᠦᠭᠡᠨ ᠤ ᠳᠤᠬᠠᠢ ᠭᠦᠭ᠍ᠵᠢᠵᠤ
ᠨᠠᠭᠠᠳᠤᠮ ᠳᠤ ᠨᠢᠭᠡ ᠶᠢ ᠬᠠᠶᠠᠭᠰᠠᠨ ᠪᠠᠢ᠌ᠳᠠᠯ ᠳᠠᠢ
ᠨᠠᠩᠵᠢᠳ ᠲᠤ ᠨᠠᠮ ᠴᠤᠭᠢᠭᠤᠯᠴᠢᠬᠠᠭᠰᠠᠨ ᠠᠯᠬᠤᠳᠠᠯ ᠳᠠᠢ
ᠴᠠᠭ ᠪᠠᠷᠠᠵᠤ
ᠨᠠᠰᠤ ᠡᠯᠡᠭᠡᠭᠦ ᠶᠢᠨ ᠵᠤᠪᠠᠯᠠᠩ ᠳᠠᠢ
ᠴᠢᠷᠠᠢ ᠠᠯᠳᠠᠵᠤ
ᠨᠠᠷᠠ ᠭᠤᠳᠤᠭᠠᠬᠤ ᠶᠢᠨ ᠴᠡᠭᠡᠷ ᠳᠠᠢ
ᠠᠮᠢᠳᠤᠷᠠᠵᠤ ᠪᠢᠯᠠ ᠦᠦ︖
ᠣᠳᠤ ᠰᠠᠶᠢ ᠯᠠ
ᠡᠨᠡ ᠪᠦᠭᠦᠳᠡ ᠨᠢ ᠭᠡᠢ ᠬᠤᠭᠤᠰᠤᠨ ᠢ ᠮᠠᠳᠠᠵᠤ
ᠬᠤᠭᠤᠰᠤᠨ ᠠᠯᠳᠠᠷ ᠤᠨ ᠳᠦᠯᠦᠭᠡ
ᠬᠤᠷᠸ᠎ᠠ ᠶᠢ ᠣᠷᠭᠢᠬᠤ ᠪᠣᠯᠵᠠᠢ
ᠢᠩᠭᠢᠵᠤ ᠯᠠ
ᠬᠤᠷᠸ᠎ᠠ ᠶᠢ ᠣᠷᠭᠢᠬᠤ ᠭᠡᠵᠤ
ᠠᠷᠠᠢ ᠳᠡᠩᠳᠡᠭᠦᠤ
ᠠᠷᠠᠢ ᠳᠡᠭ᠍ᠳᠡᠭᠦᠤ ᠭᠡᠵᠤ ᠪᠣᠳᠤᠬᠤ ᠡᠴᠡ
ᠠᠯᠳᠠᠨ ᠴᠠᠭ ᠤᠨ ᠦᠨ᠎ᠡ ᠳᠤᠳᠤᠷᠠᠵᠤ
ᠠᠯᠳᠠᠬᠠᠨ ᠪᠠᠶ᠎ᠠ ᠶᠢᠨ ᠡᠡᠭ᠌ ᠳᠤᠳᠠᠨ᠎ᠠ᠂
ᠠᠷᠠᠢ ᠳᠡᠩᠳᠡᠭᠦᠤ ᠭᠡᠵᠤ ᠪᠣᠳᠤᠬᠤ ᠡᠴᠡ
ᠠᠯᠳᠠᠭ᠎ᠠ ᠶᠡᠭᠡᠳᠡᠵᠤ
ᠣᠯᠤᠯᠳᠠ ᠪᠠᠭᠠᠳᠠᠨ᠎ᠠ᠃
ᠠᠷᠠᠢ ᠳᠡᠩᠳᠡᠭᠦᠤ ᠭᠡᠵᠤ ᠪᠣᠳᠤᠬᠤ ᠳ᠋ᠤ
ᠠᠮᠢᠰᠬᠤᠯ ᠳᠠᠪᠬᠤᠴᠠᠨ᠎ᠠ᠂
ᠠᠷᠠᠢ ᠳᠡᠩᠳᠡᠭᠦᠤ ᠭᠡᠵᠤ ᠪᠣᠳᠤᠬᠤ ᠳ᠋ᠤ
ᠠᠮᠢᠰᠬᠤᠯ ᠳᠠᠪᠬᠤᠴᠠᠨ ᠳᠠᠪᠬᠤᠴᠠᠨ᠎ᠠ︕
2009 1 3
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2009 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ