ᠨᠡᠪᠲᠡᠷᠡᠨ ᠤᠷᠤᠬᠤ
ᠬᠠᠴᠢᠨ ᠬᠤᠳᠠᠯᠳᠤᠭ᠎ᠠ

ᠭᠦᠭ᠍ᠵᠢᠶᠡᠨ ᠲᠡᠶ ᠵᠡᠭᠡᠯᠢ ᠵᠢᠨ

ᠨᠠᠷᠭᠢᠶᠠᠨ ᠲᠡᠶ ᠳᠡᠯᠭᠡᠭᠦᠷ ᠤᠨ ᠵᠠᠬ᠎ᠠ ᠳ᠋ᠤ

ᠨᠡᠭᠦᠳᠡᠯ ᠬᠤᠳᠠᠯᠳᠤᠭᠠᠨ ᠤ ᠳᠤᠮᠤ ᠳᠡᠷᠭᠡ ᠳᠠᠢ

ᠣᠭᠰᠠᠷᠠᠭᠤᠯᠵᠤ ᠳᠠᠭᠠᠷᠠᠭᠤᠯᠤᠭᠰᠠᠨ ᠳᠠᠢ᠌ᠰᠠᠨ ᠳᠡᠭᠡᠷ᠎ᠡ

ᠭᠦᠯ ᠨᠢᠴᠦᠭᠦᠨ ᠬᠤᠶᠠᠷ ᠮᠤᠲ᠋ᠸᠯ

ᠪᠦᠷᠭᠦᠪᠴᠢ ᠨᠡᠭᠡᠭᠡᠨ ᠭᠠᠷᠴᠤ ᠢᠷᠡᠭᠡᠳ

ᠨᠠᠰᠢ ᠴᠠᠰᠢ ᠠᠯᠬᠤᠯᠠᠵᠤ ᠡᠭᠢᠯᠡᠯ᠎ᠡ᠃

ᠭᠦᠯ ᠨᠢᠴᠦᠭᠦᠨ ᠬᠤᠶᠠᠷ ᠮᠤᠲ᠋ᠸᠯ

ᠭᠦᠮᠤᠨ ᠴᠤᠭᠯᠠᠷᠠᠬᠤ ᠶᠢᠨ ᠣᠯᠠᠮ ᠡᠴᠠ

ᠪᠦᠷᠭᠦᠪᠴᠢ ᠳᠡᠭᠡᠨ ᠣᠷᠤᠭᠠᠤᠨ

ᠣᠬᠤᠷ ᠴᠠᠮᠴᠠ ᠴᠠᠭᠠᠨ ᠠᠯᠠᠪᠴᠢ ᠲᠡᠶ ᠭᠠᠷᠴᠤ ᠢᠷᠡᠭᠡᠳ

ᠨᠠᠰᠢ ᠴᠠᠰᠢ ᠠᠯᠬᠤᠯᠠᠯ᠎ᠠ᠃

ᠴᠠᠭᠠᠨ ᠠᠯᠠᠪᠴᠢ ᠲᠡᠶ ᠬᠤᠶᠠᠷ ᠮᠤᠲ᠋ᠸᠯ

ᠣᠬᠤᠷ ᠴᠠᠮᠴᠠ ᠪᠠᠨ ᠬᠠᠭᠠᠰ ᠳᠠᠢ᠌ᠯᠠᠭᠠᠤᠨ

ᠦᠷᠭᠡᠨ ᠮᠦᠷᠤ ᠪᠠᠨ ᠨᠢᠴᠦᠭᠦᠨ ᠭᠠᠷᠭᠠᠭᠠᠤᠨ

ᠥᠵᠡᠭ᠍ᠴᠢᠳ ᠤᠨ ᠡᠮᠤᠨ᠎ᠡ ᠡᠴᠠ ᠢᠨᠢᠶᠡᠮᠰᠦᠭᠯᠡᠭᠡᠳ

ᠪᠦᠷᠭᠦᠪᠴᠢ ᠳᠡᠭᠡᠨ ᠳᠠᠭᠢᠨ ᠣᠷᠤᠯ᠎ᠠ᠃

ᠣᠳᠠᠭᠰᠠᠨ ᠥᠭᠡᠢ

ᠣᠬᠤᠷ ᠴᠠᠮᠴᠠ ᠪᠠᠨ ᠳᠤᠬᠣᠢ᠌ᠯᠠᠭᠠᠤᠨ

ᠣᠯᠠᠭᠠᠨ ᠳᠤᠯᠪᠣ ᠲᠡᠶ ᠴᠠᠭᠠᠨ ᠭᠦᠭᠦᠪᠴᠢ ᠵᠡᠭᠦᠭᠡᠳ

ᠣᠳᠤᠨ ᠨᠠᠮᠠᠭᠠᠨ ᠪᠠᠩᠵᠢᠯ ᠳᠡᠷᠪᠠᠭᠦᠯᠦᠭ᠍ᠰᠡᠭᠡᠷ

ᠪᠦᠷᠭᠦᠪᠴᠢ ᠨᠡᠭᠡᠭᠡᠨ ᠠᠯᠬᠤᠯᠠᠵᠤ ᠭᠠᠷᠤᠯ᠎ᠠ᠃

ᠣᠳᠤᠨ ᠨᠠᠮᠠᠭ᠎ᠠ ᠲᠡᠶ ᠪᠠᠩᠵᠠᠯ ᠨᠢ

ᠠᠯᠬᠤᠭ᠎ᠠ ᠶᠢᠨ ᠠᠶ᠎ᠠ ᠪᠠᠷ ᠳᠡᠷᠪᠠᠯᠵᠡᠭᠦ ᠳ᠋ᠤ

ᠣᠭ ᠨᠢ ᠥᠵᠡᠭ᠍ᠳᠡᠭᠦ ᠦᠭᠡᠶ ᠴᠠᠭᠠᠨ ᠭᠤᠶ᠎ᠠ

ᠥᠵᠡᠭ᠍ᠳᠡᠭᠦ ᠰᠢᠭ᠌ ᠪᠣᠯᠤᠭᠠᠤᠨ ᠦᠭᠡᠶ ᠪᠣᠯᠤᠨ᠎ᠠ᠃   

᠁᠁᠁᠁᠁᠁᠁᠁

ᠣᠳᠤᠨ ᠨᠠᠮᠠᠭᠠᠨ ᠪᠠᠩᠵᠠᠯ ᠵᠢᠠᠨ

ᠣᠳᠠᠬᠤ ᠦᠭᠡᠶ ᠳᠠᠢ᠌ᠯᠠᠬᠤ ᠪᠠᠷ ᠪᠠᠢ᠌ᠨ᠎ᠠ ᠭᠢᠵᠤ

ᠦᠨᠳᠦᠷ ᠳᠠᠭᠤᠨ ᠶᠢᠡᠷ ᠵᠠᠷᠯᠠᠯ᠎ᠠ᠃

ᠣᠷᠤᠵᠤ ᠥᠵᠡᠭᠦ ᠭᠦᠮᠤᠨ ᠪᠠᠢ᠌ᠪᠠᠯ

ᠣᠷᠢᠳᠠ ᠪᠠᠷ ᠬᠤᠷᠢᠨ ᠳᠦᠭᠦᠷᠡᠭ᠌ ᠤᠨ ᠨᠢᠭᠤᠷ ᠤᠨ ᠳᠤᠰᠤ ᠠᠪᠣᠭᠠᠷᠠᠢ ᠭᠡᠭᠦ ᠳ᠋ᠤ

ᠶᠠᠷᠤ ᠳᠡᠭᠡᠨ ᠨᠢᠭᠤᠷ ᠶᠢᠡᠨ ᠣᠭᠢᠶᠠᠳᠠᠭ ᠦᠭᠡᠶ ᠰᠢᠭ᠌ ᠭᠦᠮᠦᠰ

ᠬᠤᠷᠢᠨ ᠳᠦᠭᠦᠷᠡᠭ᠌ ᠶᠢᠡᠨ ᠳᠤᠰᠢᠶᠠᠵᠤ

ᠳᠤᠳᠤᠷ᠎ᠠ ᠦᠷᠦᠭᠡᠨ ᠳᠤ ᠰᠢᠬᠠᠯᠳᠤᠨ ᠣᠷᠤᠯ᠎ᠠ᠃

ᠪᠠᠭᠠᠬᠠᠨ ᠵᠤᠭ ᠭᠡᠭᠦ ᠶᠢᠨ ᠦᠶᠡᠰ

ᠪᠠᠷᠠᠭᠤᠨ ᠡᠭᠦᠳᠡ ᠪᠠᠷ ᠭᠦᠮᠦᠰ

ᠨᠢᠭᠤᠷ ᠤᠨ ᠳᠤᠰᠤ ᠪᠠᠨ ᠡᠪᠦᠷᠯᠡᠨ

ᠪᠠᠷᠭᠢᠷᠠᠯᠴᠠᠨ ᠢᠨᠢᠶᠠᠯᠳᠤᠵᠤ

ᠪᠠᠭᠳᠠᠨ ᠶᠠᠳᠠᠨ ᠭᠠᠷᠬᠤ ᠳᠤ

ᠳᠠᠯᠠ ᠥᠩᠭᠡᠷᠡᠭ᠍ᠰᠡᠨ ᠭᠡᠳᠤᠨ ᠡᠪᠦᠭᠡᠨ

ᠳᠠᠶᠠᠭ ᠶᠢᠡᠨ ᠳᠤᠯᠤᠨ

ᠵᠡᠭᠦᠨ ᠡᠭᠦᠳᠡ ᠪᠠᠷ

ᠣᠷᠤᠬᠤ ᠨᠢ ᠥᠵᠡᠭ᠍ᠳᠡᠯ᠎ᠡ᠃   

ᠬᠤᠷᠤᠮᠬᠠᠨ ᠵᠠᠭᠤᠷ᠎ᠠ ᠡᠨᠡᠭᠦ ᠨᠡᠭᠦᠳᠡᠯ ᠬᠤᠳᠠᠯᠳᠤᠭ᠎ᠠ

ᠬᠤᠭ ᠯᠠᠭ ᠶᠢᠡᠨ ᠴᠠᠪᠠᠷᠯᠠᠵᠤ

ᠬᠤᠭᠤᠰᠤᠨ ᠳᠡᠷᠭᠡ ᠭᠦᠷᠴᠢᠭᠢᠨᠡᠨ ᠶᠠᠪᠣᠬᠤ ᠨᠢ ᠥᠵᠡᠭ᠍ᠳᠡᠯ᠎ᠡ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2011 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ