☆ ᠭᠦᠷᠵᠡᠪ
ᠮᠢᠨᠤ ᠮᠤᠩᠭ᠋ᠤᠯ ᠴᠡᠴᠡᠷᠯᠢᠭ᠌
(ᠴᠡᠴᠡᠷᠯᠢᠭ᠌ ᠤᠨ ᠳᠠᠭᠤᠤ᠂ ᠠᠶ᠎ᠠ ᠭᠦᠰᠡᠶ᠎ᠡ)
ᠡᠳᠦᠷ ᠡᠳᠦᠷ ᠣᠭᠳᠤᠳᠠᠭ
ᠥᠷᠭᠦᠭᠡ ᠴᠠᠭᠠᠨ ᠠᠰᠠᠷ ᠳᠠᠢ
ᠥᠷᠯᠦᠭᠡ ᠥᠷᠯᠦᠭᠡ ᠳᠦᠷᠦᠭᠡᠯᠡᠳᠡᠭ᠌
ᠦᠯᠵᠡᠢ ᠪᠠᠶᠠᠨ ᠭᠦᠰᠡᠯ ᠳᠠᠢ
ᠮᠢᠨᠤ ᠮᠤᠩᠭ᠋ᠤᠯ ᠴᠡᠴᠡᠷᠯᠢᠭ᠌
ᠮᠢᠨᠤ ᠬᠠᠢ᠌ᠷ᠎ᠠ ᠶᠢᠨ ᠳᠡᠭ᠍ᠷᠢ᠃
ᠵᠢᠯ ᠵᠢᠯ ᠰᠠᠢ᠌ᠰᠢᠶᠠᠭᠳᠠᠳᠠᠭ
ᠵᠢᠱᠢᠶᠠᠴᠢ ᠭᠦᠳᠡᠯᠮᠦᠷᠢᠴᠢ ᠪᠠᠭᠰᠢ ᠨᠡᠷ ᠳᠠᠢ
ᠣᠨ ᠣᠨ ᠱᠠᠩᠨᠠᠭᠳᠠᠳᠠᠭ
ᠣᠠᠴᠠ ᠰᠤᠷᠳᠠᠭ ᠬᠡᠦᠬᠡᠳ ᠤᠳ ᠳᠠᠢ
ᠮᠢᠨᠤ ᠮᠤᠩᠭ᠋ᠤᠯ ᠴᠡᠴᠡᠷᠯᠢᠭ᠌
ᠮᠢᠨᠤ ᠬᠠᠢ᠌ᠷ᠎ᠠ ᠶᠢᠨ ᠳᠡᠭ᠍ᠷᠢ᠃
ᠵᠤᠨ ᠵᠤᠨ ᠰᠤᠯᠤᠩᠭ᠋ᠠᠷᠠᠬᠤ
ᠵᠢᠷᠤᠭ ᠰᠠᠢ᠌ᠬᠠᠨ ᠦᠵᠡᠮᠵᠢ ᠳᠠᠢ
ᠵᠠᠭᠤᠨ ᠵᠠᠭᠤᠨ ᠳᠤ ᠳᠠᠭᠤᠷᠢᠰᠬᠤ
ᠵᠤᠯᠠᠢ ᠮᠥᠩᠭᠦᠨ ᠠᠯᠳᠠᠷ ᠳᠠᠢ
ᠮᠢᠨᠤ ᠮᠤᠩᠭ᠋ᠤᠯ ᠴᠡᠴᠡᠷᠯᠢᠭ᠌
ᠮᠢᠨᠤ ᠬᠠᠢ᠌ᠷ᠎ᠠ ᠶᠢᠨ ᠳᠡᠭ᠍ᠷᠢ᠃
2009.05.04 ᠬᠦᠬᠡᠬᠤᠲᠠᠨ᠎ᠡ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2966
ᠴᠠᠭ᠄ 2009 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ