ᠨᠡᠪᠲᠡᠷᠡᠨ ᠤᠷᠤᠬᠤ
ᠵᠢᠷᠤᠭ ᠶᠢᠡᠨ ᠥᠯᠡᠳᠡᠭᠡᠭ᠍ᠰᠡᠨ ᠪᠦᠰᠡᠭᠦᠢ

ᠬᠠᠭᠠᠯᠭ᠎ᠠ ᠪᠠᠷ ᠶᠢᠡᠨ ᠣᠷᠤᠬᠤ ᠳᠤ ᠭᠡᠷ ᠬᠤᠭᠤᠰᠤᠨ

ᠭᠦᠷᠪᠠᠭᠡᠳ ᠭᠠᠷᠤᠭᠰᠠᠨ ᠭᠦᠡᠵᠢᠯᠡ ᠳᠡᠯᠭᠡᠭᠡᠳᠡᠢ

ᠦᠨᠡᠰᠤᠨ ᠨᠥᠭᠡᠨ ᠳᠤ ᠣᠪᠣᠭᠠᠯᠠᠭᠰᠠᠨ ᠬᠤᠭ ᠡᠴᠡ ᠰᠢᠷᠭᠤᠯᠵᠢ ᠴᠤᠪᠣᠨ᠎ᠠ

ᠠᠯᠢ ᠴᠤ ᠡᠳᠦᠷ ᠤᠨ ᠭᠢ ᠮᠡᠳᠡᠭᠦ ᠥᠭᠡᠢ

ᠦᠯᠠᠳᠠᠪᠣᠷᠢ ᠬᠤᠭᠤᠯᠠᠨ ᠡᠴᠡ ᠸᠨ ᠳᠠᠳᠠᠨ᠎ᠠ

ᠣᠷᠭᠢᠭᠠᠤᠨ ᠶᠠᠪᠣᠭᠰᠠᠨ ᠵᠢᠷᠤᠭ ᠴᠢᠨᠢ ᠬᠠᠶᠠᠭᠠᠨ ᠳᠠᠭᠠᠨ ᠡᠯᠭᠦᠭᠡᠳᠡᠢ

ᠡᠳᠦᠷ ᠰᠦᠨᠢ ᠦᠭᠡᠶ ᠭᠡᠷ ᠰᠠᠭᠢᠬᠤ ᠨᠢ ᠳᠠᠩᠴᠢ ᠭᠦᠭᠡᠷᠦᠭᠦᠢ

ᠡᠷᠭᠡᠯᠡᠵᠤ ᠨᠠᠳᠠ ᠲᠡᠶ ᠠᠮᠢᠳᠤᠷᠠᠬᠤ ᠶᠢᠨ ᠳᠠᠩᠭ᠋ᠠᠷᠢᠭ ᠦᠭ‍ᠭᠦᠴᠢᠭᠡᠭᠡᠳ

ᠡᠷᠭᠢᠵᠤ ᠬᠠᠷᠠᠯ ᠦᠭᠡᠶ ᠴᠠᠰᠢ ᠶᠠᠪᠣᠭᠰᠠᠨ ᠪᠦᠰᠡᠭᠦᠢ ᠳᠠ ᠬᠤᠳᠠᠯᠴᠢ

ᠬᠠᠩᠭ᠋ᠠᠢ ᠭᠡᠷ ᠨᠠᠳᠠᠳᠤ ᠭᠡᠷᠡᠭ᠌ ᠥᠭᠡᠢ

ᠬᠠᠢ᠌ᠷ᠎ᠠ ᠰᠢᠯᠦᠭ᠌ ᠯᠠ ᠭᠡᠷᠡᠭ᠌ ᠳᠠᠢ

ᠬᠠᠭᠠᠯᠭ᠎ᠠ ᠪᠠᠨ ᠰᠡᠭᠦᠭᠡᠳ ᠭᠠᠳᠠᠭ᠎ᠠ ᠭᠠᠷᠪᠠᠯ

ᠳᠠᠨᠢᠬᠤ ᠦᠭᠡᠶ ᠣᠯᠤᠰ ᠨᠠᠳᠠᠳᠤ ᠡᠭᠡᠯᠢᠭᠦᠢ

ᠬᠠᠭᠠᠯᠭ᠎ᠠ ᠪᠠᠷ ᠣᠷᠤᠬᠤ ᠳᠤ ᠬᠠᠷᠠᠬᠤ ᠦᠭᠡᠶ ᠭᠡᠵᠤ

ᠥᠯᠡᠳᠡᠭᠡᠭ᠍ᠰᠡᠨ ᠵᠢᠷᠤᠭ ᠢ ᠴᠢᠨᠢ ᠰᠢᠳᠠᠭᠠᠯ᠎ᠠ

ᠬᠠᠯᠠᠭᠤᠨ ᠭᠠᠯ ᠳᠦᠷᠡᠯᠵᠡᠨ

ᠬᠠᠷᠠᠵᠤ ᠪᠠᠢ᠌ᠳᠠᠯ᠎ᠠ ᠨᠤᠴᠤᠯ᠎ᠠ᠂ ᠦᠨᠡᠰᠤ ᠪᠣᠯᠤᠯ᠎ᠠ

ᠬᠠᠮᠢᠭ᠎ᠠ ᠡᠴᠡ ᠢᠷᠡᠭ᠍ᠰᠡᠨ ᠭᠡᠢ ᠰᠠᠯᠭᠢ ᠶᠢ ᠮᠡᠳᠡᠭᠦ ᠥᠭᠡᠢ

ᠴᠢᠨᠤ ᠶᠠᠪᠣᠭᠰᠠᠨ ᠮᠦᠷ ᠵᠢᠠᠷ

ᠬᠠᠯᠠᠭᠤᠨ ᠦᠨᠡᠰᠤ ᠶᠢ ᠭᠡᠢ᠌ᠰᠭᠡᠯ᠎ᠡ

ᠵᠢᠷᠤᠭ ᠶᠢᠡᠨ ᠥᠯᠡᠳᠡᠭᠡᠭᠦ ᠪᠠᠷ

ᠬᠠᠢ᠌ᠷ᠎ᠠ ᠪᠠᠨ ᠦᠭ‍ᠭᠦᠭ᠍ᠰᠡᠨ ᠪᠣᠯ ᠳ᠋ᠠ

ᠶᠠᠳᠠᠭᠤ ᠠᠮᠢᠳᠤᠷᠠᠭᠰᠠᠨ ᠴᠤ ᠶᠠᠭᠠᠭᠢᠬᠤ ᠪᠣᠢ

ᠶᠠᠳᠠᠬᠤ ᠳᠤ ᠪᠠᠨ ᠪᠢ ᠬᠠᠢ᠌ᠷ᠎ᠠ ᠪᠠᠷ ᠳᠤᠳᠠᠬᠤ ᠦᠭᠡᠶ ᠪᠢᠰᠢᠤ

ᠬᠤᠭᠤᠰᠤᠨ ᠭᠡᠷ ᠨᠠᠳᠠ ᠭᠡᠷᠡᠭ᠌ ᠥᠭᠡᠢ

ᠬᠠᠶᠠᠭᠰᠠᠨ ᠵᠢᠷᠤᠭ ᠴᠢᠨᠢ ᠨᠠᠩ ᠭᠡᠷᠡᠭ᠌ ᠥᠭᠡᠢ

ᠵᠢᠷᠤᠭ ᠪᠠᠷ ᠨᠠᠮ᠎ᠠ ᠶᠢ ᠬᠠᠭᠤᠷᠬᠤ ᠪᠠᠷ

ᠬᠠᠢ᠌ᠷ᠎ᠠ ᠪᠠᠷ ᠶᠢᠡᠨ ᠠᠷᠭᠠᠳᠠᠭᠰᠠᠨ ᠨᠢ ᠳᠡᠭᠡᠷ᠎ᠡ᠃

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2684
ᠴᠠᠭ᠄ 2009 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ