☆ ᠭᠠᠯ
ᠡᠭᠡ ᠰᠤᠷᠭᠠᠭᠤᠯᠢ ᠮᠢᠨᠢ
ᠡᠵᠢ ᠶᠢᠨ ᠰᠥ᠋ ᠪᠣᠯᠵᠤ ᠣᠷᠤᠰᠳᠠᠭ
ᠮᠤᠩᠭ᠋ᠤᠯ ᠰᠤᠶᠤᠯ ᠤᠨ ᠮᠦᠷᠠᠨ ᠳᠤ
ᠡᠷ᠎ᠡ ᠶᠢᠨ ᠴᠡᠭᠡᠯ ᠪᠣᠯᠵᠤ ᠥᠰᠳᠡᠭ᠌
ᠮᠢᠨᠤ ᠡᠭᠡ ᠰᠤᠷᠭᠠᠭᠤᠯᠢ᠃
ᠡᠭᠡ ᠨᠤᠳᠤᠭ ᠤᠨ ᠵᠥᠷᠢᠭ᠌ ᠶᠢᠠᠷ
ᠡᠯᠭᠦᠵᠤ ᠣᠳᠤᠭᠰᠠᠨ ᠵᠠᠮ ᠰᠢᠭ
ᠡᠴᠢᠭᠡ ᠭᠦᠮᠤᠨ ᠤ ᠢᠨᠢᠶᠠᠳᠤ ᠪᠠᠷ
ᠨᠠᠳᠠ ᠪᠠᠨ ᠥᠳᠡᠳᠡᠭ᠌ ᠨᠠᠷᠠ ᠶᠤᠮ᠃
ᠪᠣᠴᠠᠯᠤᠭᠰᠠᠨ ᠠᠮᠢᠳᠤᠷᠠᠯ ᠤᠨ ᠪᠠᠷᠭᠡ ᠳᠤ
ᠪᠦᠭᠦᠭᠡᠭ᠍ᠳᠡᠯ ᠦᠭᠡᠶ ᠰᠠᠴᠤᠷᠠ ᠭᠡᠵᠤ
ᠪᠣᠮᠠᠨ ᠮᠤᠩᠭ᠋ᠤᠯ ᠵᠢᠷᠦᠭᠡ ᠶᠢ
ᠲᠦᠮᠡᠨ ᠪᠠᠳᠮᠠᠷᠠᠭ ᠶᠢᠡᠷ ᠭᠡᠢ᠌ᠭᠦᠯ ᠭᠡᠵᠤ
ᠠᠮᠢᠨ ᠨᠢᠭᠡ ᠲᠡᠶ ᠰᠤᠶᠤᠯ ᠢ ᠮᠢᠨᠢ
ᠭᠦᠰᠡᠯ ᠥᠭᠡᠳᠡ ᠮᠠᠠᠳᠤᠭᠤᠯ ᠭᠡᠵᠤ
ᠠᠩᠭ᠋᠎ᠠ ᠪᠠᠭ᠎ᠠ ᠳᠡᠭᠦᠤ ᠨᠡᠷ ᠶᠢᠡᠨ
ᠠᠯᠳᠠᠨ ᠳᠦᠷᠦᠭᠡᠨ ᠳᠤ ᠭᠢᠰᠭᠢᠭᠦᠯ ᠭᠡᠵᠤ
ᠠᠵᠢᠯᠴᠢ ᠪᠣᠷᠤᠭᠵᠢᠭᠤᠨ ᠮᠠᠯᠴᠢᠳ ᠶᠢᠡᠨ
ᠠᠵᠠ ᠵᠢᠷᠭᠠᠯ ᠡᠳ᠋ᠯᠡᠭᠦᠯ ᠭᠡᠵᠤ
ᠭᠦᠳᠡᠭᠡ ᠳᠡᠭᠡᠨ ᠬᠠᠷᠢᠭᠰᠠᠨ ᠨᠢᠭᠡᠨ ᠭᠦᠤ ᠳᠤ
ᠭᠦᠯᠦᠭ᠌ ᠤᠨ ᠵᠢᠯᠤᠭᠤ ᠠᠳᠬᠤᠭᠤᠯᠤᠭᠰᠠᠨ
ᠭᠦᠰᠡᠯ ᠳᠡᠭᠡᠨ ᠳᠤᠭᠳᠤᠯᠤᠭᠰᠠᠨ ᠨᠢᠭᠡᠨ ᠭᠡᠦᠭᠡᠨ ᠳᠤ
ᠭᠦᠡᠳᠦᠭᠡᠨ ᠵᠠᠭᠢᠶ᠎ᠠ ᠪᠠᠨ ᠳᠠᠮᠵᠢᠭᠤᠯᠤᠭᠰᠠᠨ ᠶᠤᠮ᠃
ᠬᠠᠷᠢ ᠳᠤ ᠰᠤᠷᠤᠯᠴᠠᠭᠰᠠᠨ ᠨᠢᠭᠡᠨ ᠰᠡᠭᠡᠭᠡᠳᠡᠨ
ᠬᠠᠢ᠌ᠷ᠎ᠠ ᠳᠠᠭᠠᠨ ᠢᠩᠭᠢᠵᠤ ᠳᠠᠮᠡᠤᠯᠠᠨᠠ
ᠬᠠᠷᠠᠭᠤᠯ ᠳᠤ ᠰᠡᠭᠦᠢᠭ᠍ᠰᠡᠨ ᠨᠢᠭᠡᠨ ᠡᠷ᠎ᠡ
ᠴᠡᠭᠡᠵᠢᠨ ᠳᠡᠭᠡᠨ ᠢᠩᠭᠢᠵᠤ ᠳᠡᠮᠳᠡᠭᠯᠡᠨ᠎ᠡ
ᠢᠨᠢᠶᠠᠵᠤ ᠪᠣᠰᠤᠭᠰᠠᠨ ᠨᠠᠷᠠ ᠰᠢᠭ᠌
ᠮᠢᠨᠤ ᠡᠭᠡ ᠰᠤᠷᠭᠠᠭᠤᠯᠢ ᠪᠣᠯ
ᠢᠳᠡᠭᠡᠯ ᠳᠤ ᠮᠤᠷᠳᠠᠭᠰᠠᠨ ᠦᠷ᠎ᠡ ᠲᠡᠶ
ᠮᠢᠨᠤ ᠮᠤᠩᠭ᠋ᠤᠯ ᠡᠵᠢ ᠶᠤᠮ
ᠢᠷᠳᠤ ᠰᠠᠯᠠᠮ᠎ᠠ ᠶᠢᠨ ᠰᠦᠷ ᠲᠡᠶ
ᠮᠢᠨᠤ ᠡᠭᠡ ᠭᠡᠯᠡ ᠪᠣᠯ
ᠢᠷᠡᠭᠡᠳᠦᠢ ᠴᠢᠭᠯᠡᠵᠤ ᠨᠢᠰᠭᠦ
ᠮᠢᠨᠤ ᠨᠤᠳᠤᠭ ᠤᠨ ᠵᠠᠮ ᠶᠤᠮ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ
ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ