☆ ᠡᠪᠦᠷ ᠳᠠᠪᠳᠠᠷ ᠤᠨ ᠰᠢᠯᠦᠭ᠌ ᠡᠴᠡ
ᠬᠠᠭᠳᠠᠷᠠᠯᠠ
ᠳᠦᠷᠰᠦ ᠦᠭᠡᠶ ᠴᠠᠭᠠᠨ ᠰᠠᠯᠭᠢᠨ ᠳᠤ
ᠨᠠᠠᠳᠢᠨ ᠥᠭᠡᠰ ᠶᠢᠡᠨ ᠠᠰᠬᠠᠭᠰᠠᠭᠠᠷ
ᠶᠠᠪᠣᠭ᠎ᠠ ᠶᠢ ᠮᠢᠨᠢ ᠰᠤᠨᠤᠰᠤᠭᠠᠷᠠᠢ ︕
ᠳᠤᠷᠮᠤᠨ ᠨᠢᠳᠤᠨ ᠤ ᠴᠢᠨᠢ ᠮᠡᠯᠮᠡᠷᠡᠭᠡ ᠶᠢ
ᠰᠡᠳᠭᠢᠯ ᠳᠡᠭᠡᠨ ᠣᠷᠭᠤᠭᠤᠯᠵᠤ ᠰᠢᠯᠦᠭᠯᠡᠵᠤ
ᠶᠠᠪᠣᠭ᠎ᠠ ᠶᠢ ᠮᠢᠨᠢ ᠠᠭᠤᠴᠢᠯᠠᠭᠠᠷᠠᠢ︕
ᠠᠮᠠᠷᠠᠭ ᠤᠨ ᠶᠢᠡᠨ ᠣᠷᠤᠭᠤᠯ ᠢ
ᠠᠮᠳᠠᠯᠠᠬᠤ ᠳᠠᠭᠠᠨ ᠭᠦᠷᠳᠡᠯ᠎ᠡ
ᠠᠨᠢᠭᠰᠠᠨ ᠨᠢᠳᠤᠨ ᠳᠡᠭᠡᠨ ᠳᠦᠷᠢ ᠴᠢᠨᠢ
ᠪᠠᠭᠴᠠᠯᠠᠬᠤ ᠶᠢ ᠮᠢᠨᠢ ᠡᠨᠡᠷᠢᠭᠡᠷᠡᠢ︕
ᠠᠭᠢᠨ ᠳᠠᠭᠢᠨ ᠨᠠᠷᠠ ᠶᠢ ᠴᠢᠨᠢ
ᠳᠠᠭᠤᠳᠠᠵᠤ ᠰᠡᠷᠢᠭᠡᠳ
《ᠠᠢ᠌ᠬᠤᠪᠳᠤᠷ ᠬᠠᠷ᠎ᠠ ᠳᠠᠷᠤᠯ᠎ᠠ》 ᠭᠡᠵᠤ
ᠬᠤᠳᠠᠯ ᠭᠡᠯᠡᠳᠡᠭ᠌ ᠲᠤ ᠮᠢᠨᠢ ᠢᠨᠢᠶᠡᠭᠡᠷᠡᠢ︕
ᠶᠠᠷᠤ ᠪᠣᠰᠤ ᠶᠢᠨ ᠰᠤᠪᠢᠩ ᠳᠠᠳᠠᠭᠰᠠᠨ
ᠡᠷᠡᠮᠡᠭ᠌ ᠭᠤᠪᠠᠢ ᠳᠤ ᠴᠢᠨᠢ ᠳᠡᠷᠢᠭᠦᠨ ᠪᠦᠭᠦᠢᠵᠤ
ᠶᠢᠰᠤᠨ ᠭᠡᠭᠡᠡᠴᠢᠷ ᠴᠡᠴᠡᠭ᠌ ᠲᠡᠶ ᠬᠠᠮᠳᠤ
ᠦᠯᠮᠡᠢ ᠳᠤᠤᠷ᠎ᠠ ᠴᠢᠨᠢ ᠬᠠᠭᠳᠠᠷᠠᠯᠠ᠃
ᠵᠤᠬᠢᠶᠠᠭᠴᠢ᠄ ᠡᠪᠦᠷ ᠳᠠᠪᠳᠠᠷ ᠤᠨ ᠰᠢᠯᠦᠭ᠌ ᠡᠴᠡ
ᠢᠷᠡᠯᠲᠡ᠄ ᠥᠭᠡᠯᠡᠳ ᠭᠠᠯᠳᠠᠨ
ᠬᠠᠷᠢᠶ᠎ᠠ᠄
ᠰᠢᠯᠦᠭᠳᠠᠷᠤᠮ᠄ 2643
ᠴᠠᠭ᠄ 2009 ᠤᠨ ᠤ 02 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ