☆ ᠰᠠᠷᠠᠭᠤᠯ
ᠮᠤᠩᠭ᠋ᠤᠯ ᠶᠢᠡᠷ ᠣᠩᠰᠢᠶ᠎ᠠ
ᠭᠢᠶᠠᠨ ᠣᠪᠣᠭ ᠤᠨ ᠬᠣᠢ᠌ᠴᠢᠰ
ᠬᠠᠢ᠌ᠷᠠᠳᠤ ᠨᠡᠭᠦᠰ ᠤᠨ ᠳᠠᠯᠠᠰ
ᠭᠦᠭᠡ ᠳᠡᠭ᠍ᠷᠢ ᠶᠢᠨ ᠣᠳᠤᠳ
ᠭᠦᠪᠴᠢᠨ ᠪᠠᠢ᠌ᠭᠠᠯᠢ ᠶᠢᠨ ᠡᠵᠡᠳ
ᠡᠷᠭᠦᠨ᠎ᠡ ᠬᠤᠨ ᠤ ᠳᠤᠮᠤᠭ ᠶᠢᠡᠨ
ᠡᠷᠭᠡᠰ ᠦᠷ᠎ᠡ ᠳᠤ ᠪᠠᠨ ᠵᠠᠭᠢᠮᠯᠠᠨ
ᠡᠪᠦᠭᠡ ᠴᠢᠩᠭᠢᠰ ᠤᠨ ᠰᠠᠴᠤᠯᠢ ᠪᠠᠨ
ᠦᠷᠤ ᠵᠢᠷᠦᠭᠡᠨ ᠳᠤ ᠪᠠᠨ ᠢᠳᠠᠮᠯᠠᠨ
ᠴᠠᠴᠠᠨ ᠣᠬᠠᠭᠠᠠᠳᠤ ᠠᠯᠤᠨ ᠤ
ᠪᠦᠯᠭᠦᠮᠳᠡᠯ ᠤᠨ ᠳᠠᠭᠤᠤ ᠶᠢ ᠴᠢᠩᠨᠠᠭᠠᠤᠨ
ᠴᠢᠮᠪᠠᠢ ᠰᠠᠴᠠᠨ ᠬᠠᠳᠤᠨ ᠤ
ᠰᠠᠷᠠᠪᠴᠢᠳᠠᠢ ᠮᠠᠯᠠᠭᠠᠢ ᠶᠢ ᠰᠠᠨᠠᠷᠤᠨ
ᠡᠰᠡᠷᠸ᠎ᠡ ᠳᠤᠷᠠᠠᠳᠠᠬᠤ ᠬᠠᠷᠠᠭ᠎ᠠ ᠪᠠᠷ
ᠦᠷᠤᠨ᠎ᠡ ᠳᠤᠷᠤᠨ᠎ᠠ ᠶᠢ ᠰᠢᠠᠵᠢᠨ
ᠡᠶ᠎ᠡ ᠨᠠᠢ᠌ᠷ ᠤᠨ ᠪᠠᠯᠭᠡ ᠪᠠᠷ
ᠡᠩᠭᠡ ᠳᠠᠢ᠌ᠪᠣᠩ ᠢ ᠳᠠᠯᠠᠯᠤᠨ
ᠳᠡᠭ᠍ᠷᠢᠯᠢᠭ᠌ ᠮᠤᠩᠭ᠋ᠤᠯ ᠠᠪᠢᠶ᠎ᠠ ᠪᠠᠨ
ᠳᠡᠯᠡᠭᠡᠢ ᠳᠤᠭᠳᠤᠯᠳᠠᠯᠠ ᠣᠶᠠᠩᠭ᠋ᠠᠯᠠᠵᠤ
ᠲᠦᠮᠡᠨ ᠡᠩᠭᠡ ᠶᠢᠨ ᠪᠠᠯᠭᠡ ᠪᠠᠨ
ᠪᠠᠢ᠌ᠭᠠᠯᠢ ᠰᠡᠷᠭᠦᠳᠡᠯ᠎ᠡ ᠵᠦᠩᠨᠠᠨ
ᠭᠦᠭᠡ ᠮᠤᠩᠭ᠋ᠤᠯ ᠭᠡᠯᠡ ᠪᠠᠨ
ᠭᠦᠭ᠍ᠵᠢᠯ ᠭᠤᠴᠤ ᠠᠪᠢᠶ᠎ᠠ ᠪᠠᠨ
ᠭᠦᠰᠡᠯ ᠢᠷᠠᠭᠤ ᠥᠰᠦᠭ᠌ ᠵᠢᠠᠨ
ᠭᠦᠡᠳᠤ ᠴᠢᠮᠪᠠᠢ ᠡᠭᠡᠰᠢᠭ᠌ ᠵᠢᠠᠨ
ᠮᠤᠩᠭ᠋ᠤᠯ ᠶᠢᠡᠷ ᠣᠩᠰᠢᠶ᠎ᠠ
ᠮᠤᠩᠭ᠋ᠤᠯ ᠶᠢᠡᠷ ᠯᠠ ᠣᠩᠰᠢᠶ᠎ᠠ ︕
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2976
ᠴᠠᠭ᠄ 2011 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ