ᠨᠡᠪᠲᠡᠷᠡᠨ ᠤᠷᠤᠬᠤ
ᠨᠢᠴᠦᠭᠦᠷᠡᠯ᠎ᠡ

ᠣᠯᠠᠨ ᠣᠯᠠᠨ ᠣᠭᠢᠳ ᠮᠢᠨᠢ

ᠣᠭᠳᠤᠢ ᠪᠠᠩᠵᠠᠯ ᠲᠡᠶ ᠨᠢᠴᠦᠭᠦᠷᠡᠯ᠎ᠡ

ᠣᠩᠭ᠋ᠤᠨ ᠰᠠᠢ᠌ᠬᠠᠨ ᠪᠠᠢ᠌ᠭᠠᠯᠢ ᠮᠢᠨᠢ

ᠣᠯᠠᠭᠠᠨ ᠰᠢᠷᠭᠠᠯᠳᠤᠵᠤ ᠨᠢᠴᠦᠭᠦᠷᠡᠯ᠎ᠡ

ᠳᠠᠩᠰᠤᠭ ᠪᠠᠶᠠᠨ ᠮᠠᠯᠴᠢᠳ ᠮᠢᠨᠢ

ᠳᠠᠯ᠎ᠠ ᠪᠠᠨ ᠪᠠᠷᠠᠵᠤ ᠨᠢᠴᠦᠭᠦᠷᠡᠯ᠎ᠡ

ᠮᠢᠬ᠎ᠠ ᠢᠳᠡᠭ᠍ᠰᠡᠨ ᠮᠤᠩᠭ᠋ᠤᠯ ᠮᠢᠨᠢ

ᠮᠠᠯ ᠶᠢᠠᠨ ᠪᠠᠷᠠᠵᠤ ᠨᠢᠴᠦᠭᠦᠷᠡᠯ᠎ᠡ

ᠨᠠᠷᠭᠢᠮ᠎ᠠ ᠵᠠᠯᠠᠭᠤ ᠭᠦᠴᠦᠦᠯ ᠨᠢ

ᠨᠠᠪᠳᠠᠰᠤᠨ ᠦᠮᠦᠳᠦ ᠲᠡᠶ ᠨᠢᠴᠦᠭᠦᠷᠡᠯ᠎ᠡ

ᠠᠢ᠌ᠯ ᠶᠢᠡᠨ ᠳᠤᠭᠤᠷᠢᠭᠰᠠᠨ ᠵᠠᠯᠠᠭᠤᠴᠤᠳ ᠨᠢ

ᠠᠷᠢᠭᠢ ᠳᠠᠪᠡᠷᠢᠵᠤ ᠨᠢᠴᠦᠭᠦᠷᠡᠯ᠎ᠡ

ᠣᠰᠤᠳᠤ ᠡᠨᠠ ᠪᠦᠮᠪᠦᠴᠡᠭ᠌

ᠣᠰᠤ ᠦᠭᠡᠶ ᠪᠣᠯᠵᠤ ᠨᠢᠴᠦᠭᠦᠷᠡᠯ᠎ᠡ

ᠭᠦᠷᠦᠰᠳᠤ ᠶᠡᠭᠡ ᠳᠡᠯᠡᠭᠡᠢ ᠳᠤ

ᠭᠦᠮᠤᠨ ᠦᠭᠡᠶ ᠪᠣᠯᠵᠤ ᠨᠢᠴᠦᠭᠦᠷᠡᠯ᠎ᠡ

ᠨᠢᠴᠦᠭᠦᠷᠡᠯ᠎ᠡ ᠨᠢᠴᠦᠭᠦᠷᠡᠯ᠎ᠡ

ᠨᠢᠭᠦᠯᠳᠤ ᠡᠨᠡ ᠬᠤᠷᠸ᠎ᠠ ᠡ

ᠨᠢᠳᠤ ᠦᠭᠡᠶ ᠪᠣᠯᠵᠤ ᠨᠢᠴᠦᠭᠦᠷᠡᠯ᠎ᠡ

ᠵᠤᠬᠢᠶᠠᠭᠴᠢ᠄ ᠠᠯᠳᠠᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ