ᠨᠡᠪᠲᠡᠷᠡᠨ ᠤᠷᠤᠬᠤ
ᠳᠦᠤᠷᠢᠮ᠎ᠠ

ᠰᠤᠭᠤ ᠰᠢᠭ ᠶᠢᠡᠨ ᠵᠠᠯᠠᠭᠤ ᠪᠠᠭ᠎ᠠ ᠶᠢᠨ ᠨᠠᠰᠤᠨ ᠳ᠋ᠠᠭᠠᠨ

ᠰᠤᠯᠢᠷ ᠰᠢᠭ ᠶᠢᠡᠨ ᠣᠴᠢᠯᠢᠭ ᠪᠣᠳᠤᠯ ᠬᠠᠷᠪᠣᠵᠤ ᠶᠠᠪᠣᠭᠰᠠᠨ

ᠰᠤᠷᠭᠤᠭ ᠴᠡᠴᠡᠭ᠌ ᠤᠨ ᠭᠡᠯᠳᠡᠰ ᠢ

ᠰᠠᠭᠰᠠᠭᠠᠷ ᠭᠡᠵᠢᠭᠡᠨ ᠳᠤ ᠴᠢᠨᠢ ᠵᠡᠭᠦᠯᠭᠡᠵᠤ ᠳᠤᠭᠯᠠᠬᠤ ᠳ᠋ᠠᠭᠠᠨ

ᠰᠤᠷᠮᠤᠤᠰᠤᠨ ᠳᠤ ᠴᠢᠨᠢ ᠯᠠ ᠰᠢᠳᠠᠬᠤ ᠵᠠᠶᠠᠭ᠎ᠠ ᠲᠡᠶ ᠭᠡᠵᠤ

ᠪᠢ ᠶᠠᠷᠤᠨᠢ ᠢᠳᠡᠭᠡᠭᠡ ᠦᠭᠡᠶ ᠡ


ᠦᠷᠭᠦᠭᠡ ᠶᠢᠨ ᠴᠢᠨᠢ ᠳᠤᠳᠤᠷ᠎ᠠ ᠳᠠᠷ᠎ᠠ ᠪᠠᠨ ᠬᠤᠯᠪᠣᠭᠰᠠᠨ ᠨᠢ

ᠦᠨᠡᠮᠯᠠᠯ ᠤᠨ ᠴᠢᠨᠢ ᠳᠡᠭᠡᠷ᠎ᠡ ᠳᠠᠷ᠎ᠠ ᠪᠠᠨ ᠬᠤᠯᠪᠣᠭᠰᠠᠨ ᠨᠢ

ᠦᠨᠡᠨ ᠳᠤ ᠪᠠᠨ ᠴᠢᠠᠰᠠᠭ᠎ᠠ ᠰᠠᠢ᠌ᠳᠠᠢ ᠭᠦᠮᠤᠨ ᠪᠠᠢ᠌ᠵᠤ ᠮᠠᠳᠠᠨ᠎ᠡ

ᠭᠡᠪᠠᠴᠤ ᠵᠢᠮ᠎ᠠ ᠶᠤᠰᠤᠭᠠᠷ ᠡᠷᠭᠢᠭᠦ ᠣᠷᠴᠢᠯᠠᠩ ᠤᠨ ᠵᠡᠷᠭᠡᠯᠭᠡᠨ ᠳ᠋ᠤ

ᠴᠢᠨᠤ ᠲᠦᠯᠦᠭᠡ ᠮᠢᠨᠤ ᠰᠡᠳᠭᠢᠯ ᠮᠥᠭᠦᠨ᠎ᠡ


ᠢᠯᠪᠢᠭᠦ ᠡᠴᠠ ᠪᠠᠨ ᠬᠠᠢ᠌ᠷᠠᠯᠠᠳᠠᠭ ᠭᠡᠵᠢᠭᠡ ᠶᠢ ᠴᠢᠨᠢ

ᠢᠳᠠ ᠲᠡᠶ ᠵᠠᠷᠢᠮ ᠭᠠᠷ ᠥᠭ᠍ᠳᠡᠭᠡᠵᠤ ᠪᠠᠢ᠌ᠵᠤ ᠮᠠᠳᠠᠨ᠎ᠡ

ᠢᠨᠢᠶᠡᠭᠦ ᠳᠤ ᠬᠤᠠᠳᠠᠭ᠎ᠠ ᠭᠠᠷᠳᠠᠭ ᠬᠠᠴᠠᠷ ᠢ ᠴᠢᠨᠢ

ᠢᠷ ᠲᠡᠶ ᠵᠠᠷᠢᠮ ᠭᠢᠳᠤᠭ᠎ᠠ ᠰᠤᠷᠪᠢᠯᠠᠵᠤ ᠪᠠᠢ᠌ᠵᠤ ᠮᠠᠳᠠᠨ᠎ᠡ ᠁

ᠪᠠᠢ᠌ᠵᠤ ᠮᠡᠳᠡᠭᠦ ᠣᠯᠠᠨ ᠥᠭᠡ ᠥᠶᠡᠯᠡᠭᠦ ᠠᠷᠪᠠᠳᠤ ᠶᠢᠨ ᠪᠣᠳᠠᠷᠠᠬᠠᠢ

ᠶᠠᠷ᠎ᠠ ᠪᠣᠯᠵᠤ ᠰᠢᠨᠠᠯᠠᠬᠤ ᠨᠢ ᠡ ᠨᠠᠳᠠ


ᠴᠡᠩᠭᠡᠯ ᠵᠢᠷᠭᠠᠯ ᠢ ᠴᠢᠨᠢ ᠡᠪᠳᠡᠭᠦ ᠡᠴᠠ ᠰᠠᠷᠠᠮᠵᠢᠯᠠᠵᠤ

ᠴᠢᠮ᠎ᠠ ᠶᠢ ᠳᠡᠪᠠᠷᠢᠭᠦ ᠭᠠᠷ ᠲᠤ ᠬᠤᠷᠤᠰᠬᠤ ᠥᠭᠡᠢ

ᠥᠨᠦᠰᠦᠭᠦ ᠣᠷᠤᠭᠤᠯ ᠳᠤ ᠬᠤᠷᠤᠰᠬᠤ ᠥᠭᠡᠢ

ᠴᠠᠭ ᠢᠮᠠᠭᠳᠠ ᠴᠢ ᠮᠢᠨᠢ ᠪᠠᠶᠠᠷᠳᠠᠢ ᠯᠠ ᠪᠠᠢ᠌ᠪᠠᠯ

ᠠᠬ᠎ᠠ ᠴᠢᠨᠢ ᠠᠷᠤ ᠶᠢᠨ ᠰᠦᠮ᠎ᠡ ᠳ᠋ᠤ

ᠰᠠᠭᠢᠯ ᠳᠤ ᠰᠠᠭᠤᠭᠰᠠᠨ ᠴᠤ ᠳᠤᠷᠠᠳᠠᠢ ᠰᠢᠤ

ᠳᠦᠤᠷᠢᠮ᠎ᠠ ᠡ


ᠵᠤᠬᠢᠶᠠᠭᠴᠢ ᠶᠢᠨ ᠬᠠ‍‌ᠶᠢᠭ ᠄ ᠭᠡᠰᠢᠭ᠍ᠳᠡᠨ ᠬᠤᠰᠢᠭᠤᠨ ᠤ ᠦᠨᠳᠦᠰᠦᠳᠠᠨ ᠤ ᠵᠦᠪᠯᠠᠯ

ᠵᠤᠬᠢᠶᠠᠭᠴᠢ᠄ ᠪᠣ·ᠦᠯᠵᠡᠢ᠌ᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2011 ᠤᠨ ᠤ 01 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ