ᠨᠡᠪᠲᠡᠷᠡᠨ ᠤᠷᠤᠬᠤ
ᠴᠢ ᠮᠢᠨᠢ

ᠴᠢᠮ᠎ᠠ ᠶᠢ ᠠᠩᠬ᠎ᠠ ᠬᠠᠷᠠᠭᠰᠠᠨ ᠳᠠᠷᠠ ᠴᠠᠭ ᠡᠴᠠ ᠡᠭᠢᠯᠡᠭᠡᠳ

ᠴᠡᠮᠪᠠᠭᠡᠷ ᠭᠤᠶᠤ ᠭᠡᠳᠡᠭ᠌ ᠥᠭᠡ ᠶᠢᠨ ᠤᠳᠬ᠎ᠠ ᠶᠢ ᠨᠢ ᠵᠢᠩᠭᠢᠨᠢ ᠣᠢ᠌ᠯᠠᠭᠠᠭᠰᠠᠨ ᠡ᠂

ᠴᠢᠭᠢᠷᠠᠭ ᠴᠢᠷᠠᠢ ᠳᠤ ᠴᠢᠨᠢ ᠠᠷᠠᠢ ᠳᠠᠭᠠᠭᠠᠪᠣᠷᠢᠯᠠᠭᠰᠠᠨ ᠭᠦᠯᠦᠰᠤᠨ ᠤ ᠳᠤᠰᠤᠯ

ᠴᠡᠴᠡᠭ᠌ ᠤᠨ ᠳᠠᠯᠪᠢ ᠳ᠋ᠠᠭᠢ ᠰᠢᠭᠦᠳᠡᠷᠢ ᠶᠢᠨ ᠮᠥᠭᠦᠯᠢᠭ᠌ ᠰᠢᠭ᠌ ᠰᠠᠢ᠌ᠬᠠᠨ ᠬᠠᠷᠠᠭᠳᠠᠭᠰᠠᠨ ᠡ᠃


ᠴᠠᠭᠠᠰᠢ ᠠᠯᠬᠤᠭᠰᠠᠨ ᠶᠢᠡᠨ ᠣᠪᠠᠢ᠌ᠨ ᠳᠤ ᠦᠭᠡᠶ ᠡᠷᠭᠢᠭᠦ ᠳᠤ ᠴᠢᠨᠢ ᠬᠠᠷᠠᠴᠠ ᠮᠦᠷᠭᠦᠯᠳᠦᠭᠡᠳ

ᠴᠠᠭᠢᠯᠭᠠᠨ ᠭᠦᠶ‍ᠦᠭᠦ ᠰᠢᠭ᠌ ᠴᠡᠴᠡᠷᠡᠰᠭᠢᠭ᠍ᠰᠡᠨ ᠶᠢᠡᠨ ᠬᠠᠯᠠᠭᠤ ᠣᠷᠭᠢᠭᠰᠠᠨ ᠡ᠂

ᠴᠡᠪᠠᠷᠭᠡᠨ ᠭᠡᠪᠠᠯ ᠡᠢ᠌ᠮᠤ ᠯᠠ ᠶᠤᠮ ᠪᠠᠢ᠌ᠨ᠎ᠠ ᠭᠡᠵᠤ ᠳᠤᠳᠤᠷ᠎ᠠ ᠰᠠᠨᠠᠭᠳᠠᠭᠠᠤᠨ

《ᠴᠢ ᠮᠢᠨᠢ ᠁ 》 ᠭᠡᠵᠤ ᠪᠢᠴᠢᠭ᠍ᠰᠡᠭᠡᠷ ᠪᠠᠢ᠌ᠵᠤ ᠰᠢᠯᠦᠭ᠍ᠴᠢ ᠪᠣᠯᠴᠢᠬᠤ ᠰᠢᠬᠠᠭᠰᠠᠨ ᠡ᠃


ᠰᠠᠢ᠌ᠬᠠᠨ ᠳᠠᠰᠤᠯᠴᠠᠭᠰᠠᠨ ᠡᠴᠠ ᠳᠠᠷᠠ ᠦᠶ᠎ᠡ ᠡᠴᠠ ᠵᠢᠷᠦᠭᠡ ᠶᠢ ᠴᠢᠨᠢ ᠳᠤᠭᠤᠭᠰᠠᠨ

ᠰᠠᠷᠠᠨ ᠤ ᠭᠡᠷᠡᠯ ᠲᠡᠶ ᠵᠡᠷᠭᠡᠴᠡᠵᠤ ᠭᠡᠷᠡᠯᠳᠦᠭ᠍ᠰᠡᠨ ᠵᠢᠰᠤ ᠶᠢ ᠴᠢᠨᠢ ᠳᠤᠭᠤᠭᠰᠠᠨ᠂

ᠰᠠᠷᠠᠭᠤᠯ ᠳᠠᠯ᠎ᠠ ᠶᠢᠨ ᠰᠠᠷᠯᠠᠩ ᠬᠤᠸᠠᠷ ᠶᠢᠡᠷ ᠵᠠᠭᠤᠴᠢ ᠪᠣᠯᠭᠠᠭᠠᠤᠨ

ᠰᠢᠯᠢ ᠶᠢᠨ ᠳᠠᠠᠵᠢᠨ ᠳᠤ ᠳᠠᠭᠢᠵᠤ ᠣᠴᠠᠷᠠᠬᠤ ᠪᠣᠯᠵᠤᠭ᠎ᠠ ᠳᠤᠭᠳᠠᠭᠰᠠᠨ ᠡ᠃


ᠳᠤᠭᠤᠨᠤ ᠲᠡᠶ ᠭᠡᠷ ᠲᠡᠭᠡᠨ ᠳᠤᠯᠤᠭᠠᠢ ᠬᠤᠯᠪᠣᠬᠤ ᠪᠠᠷ ᠴᠢᠮ᠎ᠠ ᠶᠢ ᠭᠤᠶᠤᠭᠠᠤᠨ

ᠳᠤᠭᠤᠭ᠎ᠠ ᠲᠡᠶ ᠪᠣᠳᠠᠭᠠᠨ ᠳᠠᠭᠠᠨ ᠬᠤᠰᠢᠭᠤ ᠨᠡᠢ᠌ᠯᠡᠭᠦᠯᠦᠭ᠍ᠰᠡᠨ ᠳᠠᠷᠠ ᠦᠶ᠎ᠡ ᠡᠴᠠ᠂

ᠳᠤᠳᠤᠷ᠎ᠠ ᠶᠢᠨ ᠣᠬᠠᠭᠠᠨ ᠮᠠᠨᠢ ᠴᠢᠮᠢ᠋ᠢ ᠪᠠᠢ᠌ᠬᠤ ᠦᠭᠡᠶ ᠳᠤ ᠮᠡᠳᠡᠭᠡ ᠲᠡᠶ ᠮᠡᠳᠡᠭᠡ ᠥᠭᠡᠢ

ᠳᠤᠩᠭ᠋ᠠᠯᠠᠭ ᠨᠢᠳᠤ ᠮᠠᠨᠢ ᠴᠢᠮᠢ᠋ᠢ ᠪᠠᠢ᠌ᠬᠤ ᠦᠭᠡᠶ ᠪᠣᠯ ᠦᠵᠡᠭᠦ ᠲᠡᠶ ᠦᠭᠡᠶ ᠲᠡᠶ᠃


ᠳᠤᠯᠭ᠎ᠠ ᠶᠢᠨ ᠵᠡᠭᠦᠡᠳᠡᠢ ᠴᠢ ᠮᠢᠨᠢ ᠬᠠᠷᠠᠭᠳᠠᠬᠤ ᠦᠭᠡᠶ ᠪᠣᠯ ᠰᠡᠳᠭᠢᠯ ᠡᠯᠦᠢ᠂

ᠳᠤᠷᠭᠠᠨ ᠳᠡᠷᠯᠢᠭ᠌ ᠴᠤ ᠴᠢ ᠮᠢᠨᠢ ᠳᠡᠷᠭᠡᠳᠡ ᠦᠭᠡᠶ ᠪᠣᠯ ᠳᠤᠪᠴᠢ ᠰᠢᠯᠪᠢ ᠦᠭᠡᠶ᠂

ᠳᠤᠷᠤᠭ ᠮᠢᠬ᠎ᠠ ᠴᠤ ᠴᠢ ᠮᠢᠨᠢ ᠴᠢᠨᠠᠭ᠎ᠠ ᠦᠭᠡᠶ ᠪᠣᠯ ᠱᠦᠯᠦ ᠱᠦᠯᠲᠦ ᠦᠭᠡᠶ᠂

ᠳᠤᠭᠤᠭ᠎ᠠ ᠳ᠋ᠠᠭᠢ ᠰᠥ᠋ ᠴᠤ ᠴᠢ ᠮᠢᠨᠢ ᠭᠡᠷ ᠲᠤ ᠦᠭᠡᠶ ᠪᠣᠯ ᠦᠷᠤᠮ᠎ᠠ ᠲᠡᠶ ᠦᠷᠤᠮ᠎ᠠ ᠦᠭᠡᠶ᠃


ᠭᠦᠭᠡᠭᠡ ᠡᠪᠦᠯ ᠤᠨ ᠰᠦᠨᠢ ᠶᠢᠨ ᠮᠠᠨᠠᠭᠠᠨ ᠡᠴᠠ ᠴᠡᠴᠡᠷᠡᠭ᠍ᠰᠡᠭᠡᠷ ᠢᠷᠡᠭᠦᠯ᠎ᠡ

ᠭᠦᠷᠵᠡᠩ ᠤᠨ ᠭᠠᠯ ᠶᠢᠡᠨ ᠴᠢ ᠮᠢᠨᠢ ᠰᠢᠯᠡᠭᠡᠭ᠍ᠰᠡᠭᠡᠷ ᠨᠠᠮᠢ᠋ᠢ ᠣᠭᠳᠤᠳᠠᠭ᠂

ᠬᠠᠪᠣᠷ ᠤᠨ ᠬᠠᠪᠰᠠᠷᠭᠠᠨ ᠳᠤ ᠨᠠᠪᠳᠠᠷᠠᠳᠠᠯ᠎ᠠ ᠨᠤᠷᠴᠤ ᠠᠷᠠᠢ ᠭᠡᠵᠤ ᠬᠠᠷᠢᠬᠤᠯ᠎ᠠ

ᠬᠠᠯᠠᠭᠤᠨ ᠴᠠᠢ ᠪᠠᠨ ᠴᠢ ᠮᠢᠨᠢ ᠠᠶᠠᠭᠠᠯᠠᠭᠰᠠᠭᠠᠷ ᠨᠠᠮᠢ᠋ᠢ ᠪᠦᠯᠢᠶᠡᠰᠭᠡᠳᠡᠭ᠌᠃


ᠡᠶᠡᠯᠰᠡᠭ᠌ ᠳᠠᠷᠤᠤ ᠭᠡᠦᠭᠡᠨ ᠴᠢᠨᠠᠷ ᠴᠢᠨᠢ ᠰᠡᠳᠭᠢᠯ ᠳᠤ ᠬᠤᠨᠤᠭᠰᠢᠵᠤ

ᠡᠭᠡᠯ ᠵᠢᠷ ᠤᠨ ᠪᠦᠰᠡᠭᠦᠢ ᠵᠠᠩ ᠴᠢᠨᠢ ᠴᠡᠭᠡᠵᠢᠨ ᠳᠤ ᠢᠳᠡᠭᠡᠰᠢᠭᠦ ᠳᠤ᠂

ᠡᠯᠢᠭᠡᠨ ᠡᠴᠠ ᠣᠠᠳᠤᠷᠤᠭ᠎ᠠ ᠳᠠᠯᠠᠷᠬᠠᠬᠤ ᠥᠭᠡ ᠴᠢᠮ᠎ᠠ ᠳᠤ ᠭᠡᠯᠡᠮᠡᠷ ᠴᠤ

ᠡᠷᠡᠭᠡᠯᠡᠵᠤ ᠪᠠᠢ᠌ᠭ᠎ᠠ ᠢᠯᠡᠭᠦᠤ ᠥᠭᠡ ᠰᠢᠭ᠌ ᠨᠠᠳᠠᠳᠤ ᠪᠣᠳᠤᠭᠳᠠᠳᠠᠭ᠃


ᠰᠢᠷ᠎ᠠ ᠡᠳᠦᠷ ᠪᠣᠷᠤ ᠬᠤᠨᠤᠭ ᠤᠨ ᠠᠮᠢᠳᠤᠷᠠᠯ ᠤᠨ ᠳᠤᠭᠤᠰᠤᠨ ᠳ᠋ᠤ

ᠰᠢᠨ᠎ᠡ ᠬᠠᠭᠤᠴᠢᠷᠠᠵᠤ ᠨᠠᠰᠤ ᠨᠡᠮᠡᠭ᠍ᠳᠡᠭᠦ ᠣᠯᠠᠷᠢᠯ ᠤᠨ ᠭᠦᠷᠳᠤᠨ ᠳᠤ᠂

ᠰᠢᠳᠤ ᠠᠶᠠᠭ᠎ᠠ ᠬᠠᠶᠠ ᠭᠦᠷᠦᠯᠴᠡᠭᠦ ᠰᠢᠭ᠌ ᠬᠠᠷᠭᠤᠯᠳᠤᠵᠤ ᠶᠠᠪᠣᠯ᠎ᠠ

ᠰᠢᠨᠠᠭ᠎ᠠ ᠳᠤᠭᠤᠭ᠎ᠠ ᠬᠠᠶᠠ ᠱᠦᠷᠭᠦᠯᠳᠦᠭᠦ ᠰᠢᠭ᠌ ᠳᠤᠤᠭᠠᠷᠴᠤ ᠴᠤ ᠦᠵᠠᠯ᠎ᠠ᠃


ᠭᠡᠷ ᠲᠡᠭᠡᠨ ᠶᠤᠮ ᠴᠢᠨᠢ ᠶᠠᠭᠤ ᠦᠯᠤ ᠭᠡᠯᠡᠭᠦ ᠪᠣᠢ ᠲᠤᠷ ᠳᠠᠷ ᠭᠡᠯᠭᠦᠢ

ᠭᠡᠳᠡᠰᠤ ᠶᠤᠮ ᠴᠢᠨᠢ ᠶᠠᠭᠤ ᠦᠯᠤ ᠢᠳᠡᠭᠦ ᠪᠣᠢ ᠭᠤᠷ ᠭᠠᠷ ᠭᠡᠯᠭᠦᠢ᠂

ᠭᠡᠯ᠎ᠡ ᠴᠤ ᠭᠡᠰᠡᠨ ᠭᠡᠨ ᠠᠯᠢᠨ ᠳᠠᠭᠠᠨ ᠦᠭ‍ᠭᠦᠭ᠍ᠰᠡᠨ ᠣᠷᠢᠳᠤ ᠶᠢᠨ ᠳᠠᠷᠠ ᠠᠮᠠᠯᠠᠯ

ᠭᠡᠳᠦᠢ ᠳᠤ ᠪᠣᠯᠤᠭᠰᠠᠨ ᠴᠤ ᠵᠢᠷᠦᠭᠡᠨ ᠳᠤ ᠰᠡᠢ᠌ᠯᠦᠭᠡᠰᠦᠳᠡᠢ ᠨᠠᠰᠤᠨ ᠤ ᠵᠢᠷᠤᠮ᠃


ᠳᠤᠯᠤᠭᠠᠢ ᠲᠡᠶ ᠦᠰᠤ ᠪᠠᠨ ᠪᠣᠭᠤᠷᠤᠯ ᠪᠣᠯᠳᠠᠯ᠎ᠠ ᠪᠠᠨ ᠴᠢᠮ᠎ᠠ ᠲᠡᠶ ᠪᠠᠨ ᠠᠮᠢᠳᠤᠷᠠᠵᠤ

ᠳᠤᠭ᠎ᠠ ᠲᠡᠶ ᠨᠠᠰᠤ ᠪᠠᠨ ᠳᠠᠭᠤᠰᠤᠨ ᠳᠠᠭᠤᠰᠳᠠᠯ᠎ᠠ ᠪᠠᠨ ᠴᠢᠮ᠎ᠠ ᠲᠡᠶ ᠪᠠᠨ ᠳᠦᠰᠢᠯᠴᠡᠭᠦ ᠨᠢ᠂

ᠳᠤᠳᠤᠷ᠎ᠠ ᠪᠠᠨ ᠳᠤᠩᠭ᠋ᠠᠭᠠᠤᠨ ᠭᠠᠳᠠᠨ᠎ᠠ ᠪᠠᠨ ᠭᠡᠯᠡᠭᠡ ᠦᠭᠡᠶ ᠢᠨᠠᠭ ᠤᠨ ᠳᠠᠩᠭ᠋ᠠᠷᠢᠭ

ᠳᠤᠭᠳᠣᠢ᠌ᠯᠠᠵᠤ ᠪᠢᠴᠢᠭᠡ ᠦᠭᠡᠶ ᠴᠤ ᠡᠭᠦᠷᠢᠳᠡ ᠵᠢᠷᠤᠮᠯᠠᠬᠤ ᠰᠢᠯᠵᠢᠰᠢ ᠦᠭᠡᠶ ᠰᠠᠭᠢᠶ᠎ᠠ᠃



ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠤᠮᠤᠴᠢᠨ ᠬᠤᠰᠢᠭᠤᠨ ᠤ ᠪᠠᠯᠭᠠᠷᠭᠤᠤᠯ ᠪᠠᠯᠭᠠᠰᠤ

ᠵᠤᠬᠢᠶᠠᠭᠴᠢ᠄ ᠨᠡᠰᠦᠡᠮᠥ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10682
ᠴᠠᠭ᠄ 2012 ᠤᠨ ᠤ 10 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ