☆ ᠰᠠᠷ᠎ᠠ
ᠴᠢᠮᠡᠭᠡ ᠦᠭᠡᠶ ᠬᠠᠭᠠᠭᠳᠠᠬᠤ ᠣᠳᠠᠰᠤᠨ ᠤ ᠴᠠᠭᠠᠨ᠎ᠠ ᠁
ᠣᠮᠤᠭᠯᠠᠩ ᠨᠠᠰᠤᠨ ᠤ ᠬᠠᠢ᠌ᠷ᠎ᠠ ᠶᠢᠨ ᠳᠠᠭᠤᠤ ᠶᠢ
ᠬᠠᠷᠠᠴᠠᠨ ᠡᠴᠠ ᠴᠢᠨᠢ ᠡᠷᠢᠵᠤ
ᠣᠨ ᠵᠢᠯ ᠤᠨ ᠪᠠᠶᠠᠷ ᠭᠤᠨᠢᠭ ᠢ
ᠰᠤᠷᠮᠤᠤᠰᠤ ᠪᠠᠷ ᠴᠢᠨᠢ ᠳᠤᠭᠠᠯᠠᠨ
ᠣᠶᠠᠷᠠᠭᠤᠨ ᠳᠠᠩᠰᠤᠭ ᠰᠢᠯᠦᠭ᠌ ᠤᠨ ᠴᠢᠨᠢ ᠠᠮᠢᠰᠬᠤᠭ᠎ᠠ ᠵᠢ
ᠮᠥᠩᠭᠡ ᠶᠢᠨ ᠣᠰᠤᠨ ᠰᠢᠭ ᠠᠮᠳᠠᠯᠠᠵᠤ
ᠡᠷᠭᠢᠵᠤ ᠣᠯᠠᠳᠠᠮᠠ ᠦᠭᠡᠶ ᠡᠷᠭᠡ ᠨᠠᠰᠤ ᠶᠢ ᠴᠢᠨᠢ
ᠣᠷᠴᠢᠯᠠᠩ ᠡᠴᠠ ᠪᠣᠴᠠᠭᠠᠵᠤ ᠨᠡᠭᠡᠮᠡᠷ
ᠶᠠᠪᠣᠭᠠᠤᠨ ᠢᠷᠠᠨ᠎ᠡ ᠭᠡᠰᠡᠨ ᠬᠤᠶᠠᠷᠬᠠᠨ ᠥᠭᠡᠨ ᠳ᠋ᠤ
ᠬᠠᠢ᠌ᠷ᠎ᠠ ᠶᠢᠨ ᠬᠠᠰᠢᠯᠭ᠎ᠠ ᠢᠪᠠᠷᠠᠵᠤ
ᠶᠡᠯᠢᠭᠦᠢ ᠵᠠᠢ᠌ᠷᠳᠤᠭᠰᠠᠨ ᠬᠦᠩᠭᠡᠨ ᠰᠡᠭᠦᠷᠡᠰᠦᠯᠡᠯ ᠳ᠋ᠤ
ᠰᠡᠳᠭᠢᠯ ᠤᠨ ᠳᠡᠩᠭᠡᠭᠡ ᠠᠯᠳᠠᠭᠤᠷᠠᠵᠤ
ᠴᠢᠮᠡᠭᠡ ᠦᠭᠡᠶ ᠬᠠᠭᠠᠭᠳᠠᠬᠤ ᠣᠳᠠᠰᠤᠨ ᠤ ᠴᠠᠭᠠᠨ᠎ᠠ
ᠳᠤᠯᠭᠢᠶᠠᠨ ᠶᠠᠭᠤ ᠨᠢᠭᠡ ᠳᠤᠳᠠᠭᠠᠤᠨ
ᠴᠢᠮ᠎ᠠ ᠶᠢ ᠥᠭᠡᠢ᠌ᠯᠡᠵᠤ ᠡᠳᠦᠷ ᠬᠤᠨᠤᠭ
ᠬᠤᠯᠠ ᠶᠢᠨ ᠨᠤᠳᠤᠭ ᠲᠤ ᠡᠢ᠌ᠯᠰᠢᠪᠡ ᠁
2011.7.13.16᠄ 00
ᠵᠤᠬᠢᠶᠠᠭᠴᠢ ᠶᠢᠨ ᠬᠠᠶᠢᠭ ᠄ ᠣᠯᠭᠠᠠᠬᠠᠳᠠ ᠬᠤᠳᠠ
ᠵᠤᠬᠢᠶᠠᠭᠴᠢ᠄ ᠰᠠᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2705
ᠴᠠᠭ᠄ 2011 ᠤᠨ ᠤ 10 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ