☆ ᠰ·ᠠᠭᠤᠯᠠ
ᠪᠣᠷᠤᠭᠠᠨ ᠰᠢᠪᠠᠷᠠᠨ᠎ᠠ
᠊᠊᠊᠊᠊᠊᠊᠊᠊᠊᠊᠊᠊᠊᠊᠊᠊᠊᠊᠊᠊᠊ ᠠᠩᠬᠠᠨ ᠤ ᠪᠣᠷᠤᠭᠠᠨ ᠳ᠋ᠤ
ᠪᠣᠷᠤᠭᠠᠨ ᠰᠢᠪᠠᠷᠠᠨ᠎ᠠ
ᠬᠠᠪᠣᠷ ᠴᠠᠭ ᠤᠨ ᠣᠷᠢᠬᠠᠨ ᠢ ᠨᠢ ᠪᠦᠪᠠᠢ᠌ᠯᠠᠵᠤ
ᠬᠠᠮᠤᠭ ᠠᠮᠢᠳᠠᠨ ᠤ ᠰᠡᠳᠭᠢᠯ ᠢ ᠰᠡᠷᠭᠦᠭᠡᠨ
ᠪᠣᠷᠤᠭᠠᠨ ᠰᠢᠪᠠᠷᠠᠨ᠎ᠠ
ᠪᠣᠷᠤᠭᠠᠨ ᠰᠢᠪᠠᠷᠠᠨ᠎ᠠ
ᠪᠣᠷᠤ ᠪᠣᠷᠤ ᠳᠤᠯᠤᠭᠠᠤᠨ ᠤᠨ ᠰᠤᠵᠠᠭ᠎ᠠ ᠪᠠᠷ
ᠪᠣᠳᠠ ᠪᠣᠷᠭᠠᠰᠤᠨ ᠤ ᠬᠠᠳᠠᠭᠰᠠᠨ ᠨᠠᠮᠠᠭ᠎ᠠ ᠶᠢ ᠢᠯᠪᠢᠨ
ᠪᠣᠯᠤᠮᠠᠷ ᠵᠥᠭᠡᠷᠭᠡᠨ ᠵᠢᠯ ᠤᠨ ᠥᠩᠭᠡ ᠠᠴᠢᠵᠤ
ᠪᠣᠷᠤᠭᠠᠨ ᠰᠢᠪᠠᠷᠠᠨ᠎ᠠ
ᠪᠣᠷᠤᠭᠠᠨ ᠰᠢᠪᠠᠷᠠᠨ᠎ᠠ
ᠠᠩᠭ᠋᠎ᠠ ᠪᠠᠭ᠎ᠠ ᠨᠠᠰᠤᠨ ᠳᠤ ᠥᠭᠦᠭᠡᠷᠳᠦᠳᠡᠭ᠌
ᠠᠭᠰᠢᠷᠠᠭ᠎ᠠ ᠳᠠᠷᠠ ᠭᠦᠳᠡᠭᠡ ᠶᠢᠨ ᠨᠠᠰᠤᠳᠠᠤᠨ ᠤᠨ
ᠠᠵᠢᠯ ᠠᠮᠢᠳᠤᠷᠠᠯ ᠤᠨ ᠳᠠᠷᠤᠭᠠᠰᠤᠨ ᠳᠤ ᠰᠠᠭᠤᠭᠰᠠᠨ
ᠠᠵᠢᠯᠴᠢ ᠪᠣᠷᠤᠭᠵᠢᠭᠤᠬᠠᠨ ᠴᠢᠷᠠᠢ ᠶᠢᠨ ᠭᠢᠨᠢ
ᠠᠳᠤᠷᠢᠶ᠎ᠠ ᠶᠢ ᠨᠢ ᠳᠠᠨᠠᠢ᠌ᠳᠠᠯ᠎ᠠ ᠱᠠᠪᠰᠢᠵᠤ
ᠪᠣᠷᠤᠭᠠᠨ ᠰᠢᠪᠠᠷᠠᠨ᠎ᠠ
《ᠪᠣᠷᠤᠭᠠᠨ ᠣᠷᠤᠭᠰᠠᠨ ᠦᠭᠡᠶ ᠣᠳᠠᠯ᠎ᠠ
ᠭᠦᠳᠡᠭᠡ ᠮᠢᠨᠢ ᠪᠠᠰᠠᠯᠠ ᠭᠠᠩᠳᠠᠴᠢᠬᠠᠯᠠ》 ᠭᠡᠭᠦ
ᠣᠶᠠᠷᠠᠭᠤᠨ ᠳᠠᠭᠤᠨ ᠤ ᠠᠶᠠᠰ ᠢ ᠳᠡᠪᠳᠦᠭᠡᠵᠤ
ᠨᠣᠢ᠌ᠷ ᠲᠠᠭᠠᠨ ᠪᠢᠰᠢ ᠪᠣᠳᠤᠯ ᠳᠠᠭᠠᠨ ᠳᠠᠷᠤᠭᠳᠠᠭᠰᠠᠨ ᠭᠦᠮᠦᠰ ᠤᠨ
ᠨᠠᠪᠴᠢᠯᠠᠵᠤ ᠳᠡᠢ᠌ᠯᠦᠭᠡ ᠦᠭᠡᠶ ᠰᠠᠢ᠌ᠬᠠᠨ ᠵᠡᠭᠦᠳᠤ ᠶᠢ ᠨᠤᠷᠭᠠᠵᠤ
ᠪᠣᠷᠤᠭᠠᠨ ᠰᠢᠪᠠᠷᠠᠨ᠎ᠠ
ᠪᠣᠷᠤᠭᠠᠨ ᠰᠢᠪᠠᠷᠠᠨ᠎ᠠ
ᠪᠣᠯᠤᠩ ᠤᠨ ᠳᠠᠯ᠎ᠠ ᠶᠢ ᠴᠠᠢ᠌ᠷᠠᠳᠠᠯᠠ ᠰᠢᠪᠠᠷᠠᠨ᠎ᠠ
ᠪᠣᠳᠠᠨ ᠭᠦᠡᠳᠡᠢ ᠶᠢ ᠮᠠᠨᠠᠠᠳᠤᠳᠠᠯᠠ ᠰᠢᠪᠠᠷᠠᠨ᠎ᠠ
ᠪᠣᠷᠭᠠᠰᠤ ᠰᠢᠪᠠᠭ ᠢ ᠨᠠᠪᠴᠢᠯᠠᠳᠠᠯᠠ ᠰᠢᠪᠠᠷᠠᠨ᠎ᠠ
ᠪᠣᠳᠤᠯ ᠰᠠᠨᠠᠭ᠎ᠠ ᠶᠢ ᠠᠭᠤᠵᠢᠷᠠᠳᠠᠯ᠎ᠠ ᠰᠢᠪᠠᠷᠠᠨ᠎ᠠ ᠡ︕
ᠬᠠᠶᠢᠭ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2009 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ