☆ ᠭᠠ᠊·ᠪᠦᠳᠦᠭᠡᠭ᠍ᠴᠢ
ᠴᠠᠢ ᠶᠢᠨ ᠴᠤᠮᠤᠨ ᠳ᠋ᠠᠭᠢ ᠦᠳᠭᠡᠨ ᠪᠦᠷᠦᠢ (ᠬᠤᠶᠠᠷ)
1
ᠪᠢ ᠦᠵᠡᠯ ᠰᠠᠨᠠᠭᠠᠨ ᠤ ᠭᠢ ᠪᠠᠨ ᠭᠦᠨ ᠭᠦᠪ ᠡᠴᠡ ᠡᠯᠳᠡᠪ ᠵᠣᠢ᠌ᠯ ᠤᠨ ᠶᠠᠭᠤᠮᠠᠰ ᠱᠥᠭᠦᠵᠤ ᠭᠠᠷᠭᠠᠭᠠᠤᠨ ᠳᠡᠯᠭᠡᠵᠤ ᠳᠠᠯᠪᠢᠯ᠎ᠠ᠃
ᠵᠠᠷᠢᠮ ᠨᠢ ᠨᠠᠷᠠᠨ ᠳᠤ ᠢᠨᠢᠶᠠᠨ ᠳᠡᠯᠭᠡᠷᠡᠵᠤ ᠪᠠᠢ᠌ᠪᠠ᠂ ᠵᠠᠷᠢᠮ ᠨᠢ ᠭᠡᠷᠡᠯ ᠡᠴᠡ ᠳᠠᠯᠳᠠᠴᠢᠨ ᠢᠴᠢᠵᠤ ᠪᠠᠢ᠌ᠪᠠ᠂ ᠵᠠᠷᠢᠮ ᠨᠢ ᠰᠡᠭᠦᠳᠡᠷ ᠵᠥᠭ᠌ ᠠᠮᠢ ᠳᠠᠮᠠᠴᠠᠨ ᠳᠤᠳᠠᠭᠠᠵᠤ ᠪᠠᠢ᠌ᠪᠠ᠃
2
ᠪᠢ ᠪᠣᠯ ᠨᠢᠭᠡ ᠮᠤᠳᠤ ᠶᠤᠮ ᠡ ︕ ᠭᠡᠭᠦ ᠳᠤ ᠪᠠᠨ ᠴᠢᠨᠤ ᠯᠠ ᠲᠦᠯᠦᠭᠡ ᠳᠡᠯᠭᠡᠷᠡᠳᠡᠭ᠌ ᠣᠶᠠᠩᠭ᠋ᠠᠳᠤ ᠮᠤᠳᠤ ᠶᠤᠮ ᠰᠢᠤ᠃
ᠴᠢ ᠮᠢᠨᠢ ᠨᠠᠳᠠ ᠳᠡᠭᠡᠷ᠎ᠡ ᠪᠠᠨ ᠢᠷᠠᠵᠤ ᠰᠠᠯᠭᠢ ᠰᠢᠭ ᠰᠢᠪᠠᠨᠠᠨᠠᠮ ᠪᠣᠯᠪᠠ ᠦᠦ ︖ ᠰᠢᠪᠠᠭᠤ ᠰᠢᠭ᠌ ᠳᠠᠭᠤᠯᠠᠨᠠᠮ ᠪᠣᠯᠪᠠ ᠦᠦ ︖
3
ᠰᠢᠷᠤᠢ ᠪᠠ ᠰᠠᠯᠭᠢ ᠬᠤᠭᠤᠷᠤᠠᠳᠤ ᠪᠠᠨ 《ᠪᠦᠷ ᠴᠢᠨᠤ ᠣᠷᠰᠢᠭ ᠶᠢᠡᠷ ᠣᠯᠤᠰ ᠨᠠᠮ᠎ᠠ ᠶᠢ 〈ᠡᠯᠡᠰᠤᠨ ᠰᠢᠭᠤᠷᠭ᠎ᠠ〉 ᠭᠡᠵᠤ ᠨᠠᠷᠠᠯᠠᠨ ᠵᠥᠭᠡᠵᠤ ᠪᠠᠢ᠌ᠨ᠎ᠠ》 ᠭᠡᠵᠤ ᠭᠡᠷᠡᠭᠦᠯ ᠭᠢᠵᠤ ᠪᠠᠢ᠌ᠯ᠎ᠠ᠃
ᠭᠦᠮᠤᠨ ᠬᠠᠵᠠᠭᠤ ᠳᠤ ᠨᠢ ᠳᠤᠪ ᠳᠤᠭᠤᠢ᠃
4
ᠵᠠᠮ ᠤᠨ ᠬᠠᠵᠠᠭᠤ ᠳ᠋ᠠᠭᠢ ᠡᠩᠭᠦᠷᠡᠢ ᠴᠡᠴᠡᠭ᠍ᠡᠰ ᠰᠠᠯᠭᠢᠨ ᠳᠤ ᠳᠤᠭᠢᠯᠵᠠᠬᠤ ᠨᠢ ᠨᠠᠮ᠎ᠠ ᠶᠢ ᠣᠭᠳᠤᠨ ᠶᠤᠰᠤᠯᠠᠬᠤ ᠰᠢᠭ᠂ ᠨᠠᠳᠠ ᠲᠡᠶ ᠭᠠᠷ ᠳᠠᠯᠠᠯᠤᠨ ᠰᠠᠯᠤᠯᠴᠠᠬᠤ ᠴᠤ ᠰᠢᠭ ᠦᠨᠡᠠᠴᠢ ᠭᠦᠭᠡᠷᠦᠭᠦᠨ᠃
ᠦᠨᠡᠨ ᠳᠤ ᠪᠠᠨ ᠪᠢ ᠪᠣᠯ ᠴᠢᠮ᠎ᠠ ᠶᠢ ᠮᠤᠷᠢᠨ ᠳᠠᠪᠭᠢᠭ᠎ᠠ ᠪᠠᠷ ᠰᠤᠨᠢᠷᠬᠠᠭᠠᠤᠨ ᠯᠠ ᠥᠩᠭᠡᠷᠡᠭᠦ ᠠᠶᠠᠨ ᠤ ᠭᠦᠮᠤᠨ ᠶᠤᠮ ᠰᠢᠤ᠃
5
ᠳᠤᠷᠠᠳᠬᠠᠯ ᠤᠨ ᠨᠤᠭᠤᠭᠠᠨ ᠵᠡᠭᠦᠳᠤᠨ ᠤ ᠮᠢᠨᠢ ᠭᠡᠯᠳᠡᠰ ᠳᠡᠭᠡᠷ᠎ᠡ ᠨᠢᠭᠡᠨ ᠡᠷᠪᠠᠭᠡᠢ ᠰᠠᠭᠤᠴᠢᠬᠠᠭᠠᠤᠨ ᠢᠨᠠᠭ ᠤᠨ ᠳᠠᠭᠤᠤ ᠳᠠᠭᠤᠯᠠᠨ᠎ᠠ᠃
ᠳᠠᠷᠠ ᠳᠠᠭᠤᠤ ᠵᠡᠭᠦᠳᠤᠨ ᠤ ᠬᠤᠷᠸ᠎ᠠ ᠶᠢ ᠭᠡᠷᠡᠯ ᠶᠢᠡᠷ ᠶᠢᠡᠨ ᠰᠥᠯᠡᠭᠦ ᠳᠤ ᠪᠢ ᠴᠤ ᠦᠪᠡᠷ ᠶᠢᠡᠨ ᠡᠷᠪᠠᠭᠡᠢ ᠬᠤᠪᠢᠯᠵᠤ ᠬᠤᠤᠰ ᠵᠢᠭᠦᠷ ᠶᠢᠡᠷ ᠶᠢᠡᠨ ᠣᠯᠠᠨ ᠵᠢᠯ ᠤᠨ ᠡᠮᠦᠨᠡᠭᠢ ᠬᠠᠢ᠌ᠷ᠎ᠠ ᠶᠢᠨ ᠥᠭᠡ ᠪᠢᠯᠬᠠᠭᠰᠠᠨ ᠰᠡᠳᠭᠢᠯ ᠤᠨ ᠴᠡᠩᠭᠡᠷ ᠠᠭᠠᠷ ᠢ ᠰᠡᠯᠢᠭ᠍ᠰᠡᠭᠡᠷ ᠳᠡᠭᠦᠨ ᠵᠥᠭ᠌ ᠵᠢᠳᠭᠦᠨ ᠳᠠᠮᠠᠤᠯᠠᠨ᠎ᠡ᠃
6
ᠨᠠᠢ᠌ᠵᠢ ᠮᠢᠨᠢ ᠡ᠂ ᠪᠢ ᠴᠢᠮ᠎ᠠ ᠳᠤ ᠨᠢᠭᠡ ᠪᠣᠭᠴᠤ ᠳᠤᠰᠤ ᠭᠤᠭᠤᠵᠢᠭᠰᠠᠨ ᠨᠠᠮᠤᠷ ᠤᠨ ᠰᠢᠷᠭᠠᠯ ᠥᠭᠡ ᠪᠠᠯᠡᠭᠯᠡᠶ᠎ᠡ ︕ ᠰᠡᠳᠭᠢᠯ ᠰᠠᠨᠠᠭ᠎ᠠ ᠴᠢᠨᠢ ᠬᠠᠪᠣᠷᠰᠢᠨ ᠳᠠᠷᠴᠢᠭᠳᠠᠬᠤ ᠦᠶ᠎ᠡ ᠪᠠᠷ ᠠᠪᠴᠤ ᠭᠠᠷᠭᠠᠭᠠᠤᠨ ᠭᠡᠷᠡᠭᠯᠡᠭᠡᠷᠡᠢ ︕
7
ᠥᠭᠡ ᠭᠡᠯᠡ ᠪᠣᠯ ᠵᠣᠢ᠌ᠯ ᠤᠨ ᠥᠩᠭᠡ ᠪᠠᠷ ᠳᠤᠩᠭ᠋ᠤᠳᠴᠤ ᠪᠠᠢ᠌ᠭ᠎ᠠ ᠣᠯᠠᠨ ᠶᠠᠩᠵᠤ ᠶᠢᠨ ᠰᠢᠪᠠᠭᠤᠳ ᠶᠤᠮ᠃
ᠭᠠᠭᠴᠠ ᠭᠦ ᠳᠠᠳᠠᠨ ᠲᠡᠶ ᠭᠡ ᠦᠭᠡᠶ ᠣᠢ᠌ᠯᠠᠭᠠᠯᠴᠠᠨ ᠳᠠᠰᠤᠯᠴᠠᠪᠠᠯ ᠰᠠᠶᠢ ᠴᠢᠮ᠎ᠠ ᠳᠤ ᠭᠤᠸ᠎ᠠ ᠰᠠᠢ᠌ᠬᠠᠨ ᠳᠠᠭᠤᠤ ᠪᠠᠨ ᠳᠠᠭᠤᠯᠠᠵᠤ ᠦᠭᠭᠦ ᠪᠣᠯᠤᠨ᠎ᠠ᠃
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠴᠢᠪᠠᠭ᠎ᠠ ᠶᠢᠨ ᠬᠤᠶᠠᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠠ᠊·ᠪᠦᠳᠦᠭᠡᠭ᠍ᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2011 ᠤᠨ ᠤ 07 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ