ᠨᠡᠪᠲᠡᠷᠡᠨ ᠤᠷᠤᠬᠤ
ᠭᠦᠷᠵᠡᠪ ᠤᠨ ᠬᠡᠦᠬᠡᠳ ᠤᠨ ᠰᠢᠯᠦᠭ ᠤᠳ

ᠨᠠᠷᠠ ᠪᠣᠶᠤ ᠬᠡᠦᠬᠡᠳ


ᠨᠠᠷᠠ ᠮᠠᠠᠳᠤᠨ᠎ᠠ

ᠨᠠᠮ᠎ᠠ ᠶᠢ ᠳᠡᠪᠠᠷᠢᠭᠡᠳ ᠮᠠᠠᠳᠤᠨ᠎ᠠ

ᠨᠠᠯᠠᠭᠠᠷ ᠰᠢᠷᠭᠠᠯ ᠭᠡᠷᠡᠯ ᠶᠢᠡᠷ ᠵᠢᠠᠨ

ᠨᠠᠷᠠᠳᠤ ᠪᠠᠨ ᠳᠡᠪᠠᠷᠢᠭᠡᠳ ᠮᠠᠠᠳᠤᠨ᠎ᠠ

ᠨᠠᠪᠴᠢ ᠢᠨᠢᠶᠠᠨ᠎ᠠ

ᠨᠠᠷᠠᠨ ᠭᠦᠩᠵᠤ ᠳᠤ ᠢᠨᠢᠶᠠᠨ᠎ᠠ

ᠨᠠᠭᠠᠳᠤᠭᠢ ᠶᠠᠷᠳᠢᠠᠴᠤ ᠶᠢ ᠭᠡᠷᠡᠯᠳᠦᠭᠦᠯᠳᠡᠭ᠌

ᠨᠠᠷᠠ ᠰᠠᠢ᠌ᠬᠠᠨ ᠭᠡᠳ ᠢᠨᠢᠶᠠᠨ᠎ᠠ

ᠨᠠᠷᠠ ᠮᠦᠰᠢᠶᠠᠨ᠎ᠠ

ᠨᠠᠳᠠ ᠳᠤ ᠴᠢᠮ᠎ᠠ ᠳᠤ ᠮᠦᠰᠢᠶᠠᠨ᠎ᠠ

ᠨᠠᠪᠴᠢ ᠬᠡᠦᠬᠡᠳ ᠪᠦᠷ ᠠᠳᠠᠯᠢᠬᠠᠨ

ᠨᠢᠯᠬ᠎ᠠ ᠭᠦᠭᠡᠷᠦᠭᠦᠨ ᠠᠮᠢ ᠭᠡᠳ ᠮᠦᠰᠢᠶᠠᠨ᠎ᠠ︕


ᠨᠠᠮᠤᠷ ᠣᠨᠠᠯ᠎ᠠ


ᠨᠠᠮᠤᠷ ᠣᠨᠠᠯ᠎ᠠ᠂

ᠨᠠᠷᠠ ᠲᠡᠶ ᠪᠠᠨ ᠴᠤᠭ

ᠨᠠᠪᠴᠢ ᠲᠡᠶ ᠪᠠᠨ ᠴᠤᠭ

ᠱᠠᠭᠢᠨ ᠣᠨᠠᠯ᠎ᠠ

ᠨᠠᠭᠠᠳᠤᠨ ᠠᠯᠢᠶᠠᠷᠠᠭᠵᠤ ᠪᠠᠢ᠌ᠭᠰᠠᠨ

ᠮᠢᠨᠤ ᠳᠡᠭᠦᠤ ᠵᠢᠨ

ᠨᠢᠷᠤᠭᠤᠨ ᠳᠡᠭᠡᠷ᠎ᠡ᠂

ᠨᠢᠰᠤᠨ ᠳᠠᠪᠳᠠᠷᠠᠵᠤ ᠪᠠᠢ᠌ᠭᠰᠠᠨ

ᠰᠢᠪᠠᠭᠤᠨ ᠰᠥᠷᠦᠭ᠌ ᠤᠨ

ᠳᠠᠯᠠᠪᠴᠢᠨ ᠳᠡᠭᠡᠷ᠎ᠡ

ᠨᠠᠷᠠ ᠲᠡᠶ ᠪᠠᠨ ᠴᠤᠭ

ᠨᠠᠪᠴᠢ ᠲᠡᠶ ᠪᠠᠨ ᠴᠤᠭ

ᠱᠠᠭᠢᠨ ᠣᠨᠠᠯ᠎ᠠ᠃

ᠨᠠᠮᠤᠷ ᠣᠨᠠᠯ᠎ᠠ᠂

ᠨᠠᠷᠠ ᠲᠡᠶ ᠪᠠᠨ ᠴᠤᠭ

ᠨᠠᠪᠴᠢ ᠲᠡᠶ ᠪᠠᠨ ᠴᠤᠭ

ᠱᠠᠭᠢᠨ ᠣᠨᠠᠯ᠎ᠠ

ᠨᠠᠷᠠᠰᠤᠨ ᠴᠡᠩᠭᠡᠷ ᠠᠭᠤᠯᠠᠰ ᠤᠨ

ᠣᠷᠤᠢ ᠳᠡᠭᠡᠷ᠎ᠡ

ᠨᠠᠭᠠᠰᠢᠯᠠᠵᠤ ᠪᠠᠢ᠌ᠭ᠎ᠠ ᠡᠭᠦᠯᠡᠰ ᠤᠨ

ᠬᠤᠷᠮᠤᠢ ᠳᠡᠭᠡᠷ᠎ᠡ

ᠨᠠᠷᠠ ᠲᠡᠶ ᠪᠠᠨ ᠴᠤᠭ

ᠨᠠᠪᠴᠢ ᠲᠡᠶ ᠪᠠᠨ ᠴᠤᠭ

ᠱᠠᠭᠢᠨ ᠣᠨᠠᠯ᠎ᠠ᠃


ᠨᠠᠮᠤᠭ ᠤᠨ ᠮᠡᠯᠡᠭᠡᠢ


ᠨᠠᠮᠤᠭ ᠤᠨ ᠮᠡᠯᠡᠭᠡᠢ ᠯᠠᠭ ᠯᠠᠭ

ᠨᠠᠮᠤᠭ ᠰᠢᠪᠠᠷ ᠲᠠᠭᠠᠨ ᠯᠠᠭ ᠯᠠᠭ

ᠨᠠᠮ᠎ᠠ ᠶᠢ ᠬᠠᠷᠠᠭᠠᠤᠨ ᠶᠠᠭᠤ ᠭᠡᠵᠤ ᠪᠦᠯᠳᠡᠢ᠌ᠭᠡ ᠪᠣᠢ︖

ᠨᠠᠭᠠᠳᠤᠶ᠎ᠠ ᠭᠡᠵᠤ ᠪᠣᠳᠤᠵᠤ ᠪᠠᠢ᠌ᠭ᠎ᠠ ᠦᠦ︖

ᠨᠠᠮᠤᠭ ᠤᠨ ᠮᠡᠯᠡᠭᠡᠢ ᠯᠠᠭ ᠯᠠᠭ

ᠨᠠᠮᠤᠭ ᠰᠢᠪᠠᠷ ᠲᠠᠭᠠᠨ ᠯᠠᠭ ᠯᠠᠭ

ᠨᠠᠮ᠎ᠠ ᠶᠢ ᠥᠵᠡᠭᠡᠳ ᠶᠠᠭᠤ ᠭᠡᠵᠤ ᠠᠩᠭ᠋ᠠᠢ᠌ᠭ᠎ᠠ ᠪᠣᠢ︖

ᠨᠠᠰᠢ ᠪᠠᠨ ᠢᠷ᠎ᠠ ᠭᠡᠵᠤ ᠭᠡᠯᠡᠵᠤ ᠪᠠᠢ᠌ᠭ᠎ᠠ ᠦᠦ︖

ᠨᠠᠮᠤᠭ ᠤᠨ ᠮᠡᠯᠡᠭᠡᠢ ᠯᠠᠭ ᠯᠠᠭ

ᠨᠠᠮᠤᠭ ᠰᠢᠪᠠᠷ ᠲᠠᠭᠠᠨ ᠯᠠᠭ ᠯᠠᠭ

ᠨᠠᠮᠤᠷ ᠤᠨ ᠰᠤᠷᠤᠯᠭ᠎ᠠ ᠡᠭᠢᠯᠡᠴᠢᠭᠡᠭ᠍ᠰᠡᠨ ᠳᠤᠯᠠ

ᠨᠠᠳᠠ ᠶᠠᠷᠤ ᠴᠢᠯᠦᠭᠡ ᠦᠭᠡᠶ᠃

ᠨᠤᠭᠤᠭᠠᠨ ᠪᠣᠭᠴᠤ ᠪᠠᠨ ᠡᠭᠦᠷᠦᠭᠡᠳ

ᠨᠤᠮ ᠶᠢᠡᠨ ᠰᠤᠷᠬᠤ ᠪᠠᠷ ᠶᠠᠪᠣᠯ᠎ᠠ ᠡ᠂ ᠪᠢ

ᠨᠠᠮᠤᠭ ᠲᠠᠭᠠᠨ ᠴᠢ ᠨᠠᠭᠠᠳᠴᠤ ᠰᠠᠭᠤ ᠳ᠋ᠠ

ᠨᠠᠰᠤᠨ ᠳᠤᠷᠰᠢᠳᠠ ᠨᠠᠭᠠᠳᠴᠤ ᠰᠠᠭᠤ ᠳ᠋ᠠ ᠡ︕


ᠣᠳᠤ


ᠣᠷᠤᠭ᠎ᠠ ᠴᠠᠭᠠᠨ

ᠣᠷᠴᠢᠯᠠᠩ ᠤᠨ

ᠣᠤᠠᠬᠠᠨ ᠵᠢᠭᠠᠬᠠᠨ

ᠳᠡᠭᠦᠤ

ᠣᠩᠭ᠋ᠤᠨ

ᠴᠡᠩᠭᠡᠷ ᠳᠡᠭ᠍ᠷᠢ ᠵᠢᠨ

ᠣᠭᠤᠰᠤᠷ ᠪᠦᠴᠡ ᠥᠭᠡᠢ

ᠡᠷᠢᠭᠡ

ᠣᠷᠤᠢ ᠣᠷᠤᠢ ᠊᠊᠊᠊᠊᠊᠊᠊᠊᠊᠊᠊᠊᠊᠊

ᠣᠷᠤᠢ ᠳᠡᠭᠡᠷ᠎ᠡ ᠮᠢᠨᠢ

ᠠᠨᠢᠪᠴᠠᠳᠠᠭ

ᠣᠠᠴᠠ ᠶᠢᠨ ᠬᠠᠴᠢᠨ

ᠭᠠᠷᠠᠭ

ᠣᠩᠭ᠋ᠤᠷᠬᠠᠢ ᠰᠢᠷ᠎ᠠ

ᠭᠦᠤ ᠮᠢᠨᠢ

ᠣᠴᠢᠶ᠎ᠠ ᠭᠡᠵᠤ ᠪᠣᠳᠤᠳᠠᠭ

ᠭᠠᠵᠠᠷ

ᠣᠯᠠᠨ ᠠᠷᠪᠢᠨ

ᠡᠷᠳᠡᠮᠳᠡᠨ ᠮᠡᠷᠭᠡᠵᠢᠯᠳᠡᠳ ᠤᠨ

ᠣᠶᠤᠨ ᠶᠢᠡᠨ ᠰᠢᠪᠬᠠᠵᠤ

ᠣᠷᠤᠯᠳᠤᠳᠠᠭ ᠰᠤᠳᠤᠯᠭᠠᠨ

ᠣᠳᠤ ᠪᠣᠯᠳᠠᠯ᠎ᠠ

ᠭᠦᠮᠤᠨ ᠲᠦᠷᠦᠯᠭᠢᠳᠠᠨ ᠊ᠤ

ᠣᠭᠤᠰᠤᠷᠯᠠᠵᠤ ᠊᠊᠊᠊᠊᠊᠊᠊᠊᠊᠊᠊᠊᠊᠊

ᠡᠷᠭᠡᠰᠢᠶᠡᠭᠡ ᠦᠭᠡᠶ ᠣᠷᠤᠨ

ᠣᠳᠤ ᠊᠊᠊᠊᠊᠊᠊᠊᠊᠊᠊᠊᠊᠊᠊

ᠴᠤᠬᠤᠮ ᠰᠤᠨᠢᠨ

ᠣᠨᠢᠰᠤᠭ᠎ᠠ ᠳᠠᠭᠠᠪᠣᠷᠢ ᠰᠢᠭ

ᠰᠤᠨᠢᠨ

ᠣᠪᠠᠳᠢᠰᠳᠤ ᠨᠢᠭᠤᠴᠠ ᠶᠢ ᠨᠢ

ᠡᠷᠳᠡᠭᠡᠨ ᠢᠯᠡᠷᠡᠭᠦᠯᠵᠤ

ᠣᠭᠤᠰᠤᠷᠯᠠᠵᠤ᠂ ᠨᠤᠭᠳᠤᠯᠵᠤ

ᠶᠠᠪᠣᠶ᠎ᠠ᠂ ᠪᠢᠳᠠ

ᠣᠷᠤᠩᠨᠠᠵᠤ᠂ ᠰᠠᠭᠤᠷᠢᠰᠢᠵᠤ᠁

ᠰᠠᠭᠤᠶ᠎ᠠ᠂ ᠪᠢᠳᠠ


ᠵᠤᠬᠢᠶᠠᠭᠴᠢ ᠶᠢᠨ 《ᠬᠡᠦᠬᠡᠳ ᠨᠠᠰᠤ ᠰᠠᠢ᠌ᠬᠠᠨ》(2004 ᠣᠨ) ᠭᠡᠭᠦ ᠰᠢᠯᠦᠭ᠌ ᠤᠨ ᠳᠡᠭᠦᠪᠦᠷᠢ ᠡᠴᠡ᠃

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2659
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ