ᠨᠡᠪᠲᠡᠷᠡᠨ ᠤᠷᠤᠬᠤ
ᠴᠡᠴᠡᠭ᠌ ᠰᠢᠭ᠌ ᠠᠩᠭᠢᠯᠤᠮ᠎ᠠ ᠪᠦᠰᠡᠭᠦᠢ ᠭᠦᠮᠤᠨ

ᠪᠦᠵᠢᠩᠨᠡᠭ᠍ᠰᠡᠨ ᠰᠢᠭᠦᠳᠡᠷᠢ ᠲᠡᠶ ᠴᠡᠴᠡᠭ᠌ ᠰᠢᠭ᠌ ᠠᠩᠭᠢᠯᠤᠮ᠎ᠠ ᠪᠦᠰᠡᠭᠦᠢ ᠭᠦᠮᠤᠨ          

ᠪᠦᠮᠪᠦᠷᠴᠡᠭ᠌ ᠳᠡᠯᠡᠭᠡᠢ ᠶᠢᠨ ᠠᠭᠤᠳᠠᠮᠬᠠᠨ ᠵᠠᠢ ᠳᠤ ᠠᠩᠭᠢᠷᠬᠠᠨ ᠬᠠᠢ᠌ᠷ᠎ᠠ ᠪᠠᠷ ᠣᠮᠳᠠᠯᠠᠵᠤ ᠪᠠᠢ᠌ᠳᠠᠭ

ᠳᠤᠶᠠᠭᠠᠯᠠᠭᠰᠠᠨ ᠢᠯᠴᠢ ᠲᠡᠶ ᠨᠠᠷᠠ ᠰᠢᠭ ᠳᠤᠯᠠᠢ᠌ᠮ᠎ᠠ ᠪᠦᠰᠡᠭᠦᠢ ᠭᠦᠮᠤᠨ          

ᠳᠤᠤᠯᠢᠮ᠎ᠠ ᠬᠤᠷᠸ᠎ᠠ ᠶᠢᠨ ᠳᠤᠯᠠᠭᠠᠨ ᠡᠯᠢᠭᠡᠨ ᠳᠤ ᠥᠶ‍ᠦᠭ᠍ᠭᠡᠨ ᠠᠮᠢᠳᠤᠷᠠᠯ ᠶᠢᠡᠷ ᠵᠢᠷᠭᠠᠵᠤ ᠪᠠᠢ᠌ᠳᠠᠭ᠃             

ᠠᠨᠢᠪᠴᠢᠨ ᠭᠢᠯᠠᠯᠵᠠᠭᠰᠠᠨ ᠣᠳᠤᠳ ᠲᠡᠶ ᠳᠠᠢ᠌ᠪᠣᠩ ᠣᠭᠳᠠᠷᠭᠤᠢ ᠰᠢᠭ ᠨᠠᠮᠵᠢᠭᠤᠨ ᠪᠦᠰᠡᠭᠦᠢ ᠭᠦᠮᠤᠨ  

ᠠᠮᠠᠷᠠᠭ ᠬᠤᠩᠭ᠋ᠤᠷ ᠶᠢᠡᠨ ᠣᠰᠤᠨ ᠤ ᠬᠤᠶᠠᠷ ᠠᠩᠭᠢᠷ ᠰᠢᠭ ᠥᠶᠡᠷᠭᠡᠨ ᠰᠠᠨᠠᠵᠤ ᠪᠠᠢ᠌ᠳᠠᠭ    

ᠪᠣᠢ᠌ᠯᠠᠭᠠᠨ ᠰᠤᠨᠤᠷᠳᠠᠵᠤ ᠪᠣᠳᠤᠭᠤ ᠪᠠᠨ ᠥᠭᠡᠢ᠌ᠯᠡᠭ᠍ᠰᠡᠨ ᠠᠳᠠ ᠰᠢᠭ ᠦᠷᠦᠪᠴᠢᠭᠡᠨ ᠪᠦᠰᠡᠭᠦᠢ ᠭᠦᠮᠤᠨ  

ᠪᠣᠠᠳᠤᠭᠤᠷ ᠦᠷ᠎ᠡ ᠪᠠᠨ ᠨᠢᠳᠤᠨ ᠤ ᠡᠷᠭᠡᠰ ᠴᠡᠴᠡᠭᠡᠢ ᠰᠢᠭ᠌ ᠡᠩᠭᠦᠷᠡᠢ᠌ᠯᠡᠨ ᠥᠭᠦᠭᠡᠷᠳᠡᠵᠤ ᠪᠠᠢ᠌ᠳᠠᠭ᠃       

ᠳᠤᠭᠤᠨᠤᠳᠤ ᠭᠡᠷ ᠲᠤ ᠳᠤᠯᠭ᠎ᠠ ᠶᠢᠨ ᠭᠠᠯ ᠲᠦᠯᠠᠵᠤ ᠠᠮᠢᠳᠤᠷᠠᠯ ᠶᠢᠡᠨ ᠳᠤᠳᠤᠮᠳᠠᠵᠤ ᠶᠠᠪᠣᠬᠤ ᠳᠠᠭᠠᠨ

ᠳᠤᠯᠭᠢᠶ‍ᠯᠠᠭᠰᠠᠨ ᠳᠠᠯᠠᠢ ᠰᠢᠭ ᠢᠷᠡᠭᠡᠳᠦᠢ ᠳᠡᠭᠡᠨ ᠳᠠᠪᠠᠯᠭᠠᠨ ᠴᠠᠯᠭᠢᠶ᠎ᠠ ᠪᠣᠰᠬᠠᠳᠠᠭ ᠥᠭᠡᠢ    

ᠳᠤᠭᠤᠰᠤᠳᠤ ᠶ‍ᠢᠷᠳᠢᠠᠴᠤ ᠳᠤ ᠵᠠᠶᠠᠭ᠎ᠠ ᠪᠠᠨ ᠬᠠᠮᠳᠤᠳᠬᠠᠵᠤ ᠡᠷᠦᠭᠡ ᠪᠠᠨ ᠳᠠᠳᠠᠵᠤ ᠶᠠᠪᠣᠬᠤ ᠳᠠᠭᠠᠨ

ᠡᠪᠭᠡᠷᠡᠭ᠍ᠰᠡᠨ ᠡᠭᠦᠯᠡᠰ ᠰᠢᠭ᠌ ᠳᠠᠪᠢᠯᠠᠩ ᠳᠠᠭᠠᠨ ᠪᠠᠷᠠᠭᠠᠨ ᠰᠡᠭᠦᠳᠡᠷ ᠪᠠᠭᠤᠯᠭᠠᠳᠠᠭ ᠦᠭᠡᠶ᠃       

      


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2011 ᠤᠨ ᠤ 07 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ