ᠨᠡᠪᠲᠡᠷᠡᠨ ᠤᠷᠤᠬᠤ
ᠰᠡᠳᠭᠢᠯ ᠳᠤ ᠡᠭᠡᠯᠢᠳᠡᠢ ᠡᠭᠡ ᠣᠷᠤᠨ

ᠰᠥ᠋ ᠢᠪᠢᠯᠭᠡᠳᠡᠭ᠌

ᠰᠠᠭᠠᠯᠢᠴᠢᠨ ᠡᠵᠢ ᠶᠢᠨ ᠳᠤᠰᠤ ᠲᠡᠶ ᠬᠤᠷᠮᠤᠢ ᠮᠤᠩᠭ᠋ᠤᠯ ᠦᠨᠦᠷ ᠳᠠᠢ

ᠰᠥᠷᠦᠭ᠌ ᠬᠠᠷᠢᠭᠤᠯᠳᠠᠭ

ᠠᠳᠤᠭᠤᠴᠢᠨ ᠠᠪᠣ ᠶᠢᠨ ᠭᠦᠯᠦᠰᠤ ᠲᠡᠶ ᠣᠷᠭ᠎ᠠ ᠮᠤᠩᠭ᠋ᠤᠯ ᠰᠢᠳ᠋ ᠲᠡᠶ᠃

ᠡᠩᠭᠡ ᠵᠥᠩᠨᠡᠳᠡᠭ᠌

ᠬᠠᠳᠠᠭ ᠤᠨ ᠵᠥᠭᠡᠯᠡᠨ ᠨᠠᠮᠢᠷᠠᠭ᠎ᠠ ᠮᠤᠩᠭ᠋ᠤᠯ ᠰᠡᠪᠠᠯᠵᠡᠭᠡ ᠳᠠᠢ

ᠡᠰᠡᠨᠢᠯ ᠭᠦᠭ᠍ᠵᠢᠭᠡᠳᠡᠭ᠌

ᠳᠤᠯᠭᠠᠨ ᠤ ᠬᠤᠷᠴᠠ ᠲᠦᠯᠦ ᠮᠤᠩᠭ᠋ᠤᠯ ᠢᠯᠴᠢ ᠲᠡᠶ᠃

ᠳᠠᠭᠤᠤ ᠠᠶᠠᠯᠤᠳᠠᠭ

ᠣᠰᠤᠨ ᠤ ᠨᠠᠮᠤᠭᠤᠬᠠᠨ ᠳᠤᠯᠭᠢᠶ᠎ᠠ ᠮᠤᠩᠭ᠋ᠤᠯ ᠬᠡ ᠳᠠᠢ

ᠳᠤᠷᠠᠰᠤᠮᠵᠢ ᠬᠠᠳᠠᠭᠠᠯᠠᠳᠠᠭ

ᠠᠭᠤᠯᠠᠨ ᠤ ᠳᠤᠯᠠᠭᠠᠬᠠᠨ ᠪᠠᠷ᠎ᠠ ᠮᠤᠩᠭ᠋ᠤᠯ ᠨᠦᠮᠦᠷᠢ ᠲᠡᠶ᠃

ᠨᠠᠰᠤ ᠳᠤᠭᠠᠯᠠᠳᠠᠭ

ᠨᠡᠭᠦᠳᠡᠯ ᠤᠨ ᠰᠢᠪᠠᠭᠤᠳ ᠤᠨ ᠭᠠᠩᠭ᠋ᠠᠨᠠᠭ᠎ᠠ ᠮᠤᠩᠭ᠋ᠤᠯ ᠠᠶᠠᠯᠭᠤ ᠳᠠᠢ

ᠨᠠᠩᠵᠢᠳ ᠰᠥᠩᠨᠡᠳᠡᠭ᠌

ᠰᠠᠷᠬᠤᠤᠨ ᠤᠨ ᠬᠤᠠᠳᠠᠭ᠎ᠠ ᠶᠢᠨ ᠬᠠᠩᠭᠢᠨᠠᠭ᠎ᠠ ᠮᠤᠩᠭ᠋ᠤᠯ ᠵᠦᠩᠨᠠᠯ ᠲᠡᠶ᠃

ᠰᠢᠭᠦᠳᠡᠷᠢ ᠮᠡᠯᠳᠡᠭᠡᠨᠡᠳᠡᠭ᠌

ᠡᠪᠠᠰᠤᠨ ᠤ ᠨᠤᠮᠢᠨ ᠰᠤᠷ ᠮᠤᠩᠭ᠋ᠤᠯ ᠥᠩᠭᠡ ᠳᠠᠢ

ᠰᠥ᠋ ᠥᠨᠦᠷᠳᠡᠳᠡᠭ᠌

ᠰᠠᠯᠭᠢᠨ ᠤ ᠮᠦᠩᠭᠦᠨ ᠰᠠᠪᠰᠢᠶ᠎ᠠ ᠮᠤᠩᠭ᠋ᠤᠯ ᠰᠢᠪᠠᠨᠠᠯ ᠲᠡᠶ᠃

ᠳᠡᠯᠡᠭᠡᠢ ᠵᠢᠷᠭᠠᠭᠠᠳᠠᠭ

ᠮᠤᠷᠢᠳ ᠤᠨ ᠳᠤᠷᠭᠠᠨ ᠬᠠᠳᠠᠷᠢᠭ᠎ᠠ ᠮᠤᠩᠭ᠋ᠤᠯ ᠳᠤᠤᠯᠢᠶᠠᠨ ᠳᠠᠢ

ᠳᠡᠭ᠍ᠷᠢ ᠴᠢᠮᠡᠳᠡᠭ᠌

ᠣᠳᠤᠳ ᠤᠨ ᠲᠦᠮᠡᠨ ᠠᠨᠢᠪᠴᠠᠭ᠎ᠠ ᠮᠤᠩᠭ᠋ᠤᠯ ᠮᠦᠰᠢᠶᠠᠯ ᠲᠡᠶ᠃

ᠠᠭᠤᠯᠠᠰ ᠰᠡᠡᠵᠢᠯᠡᠳᠡᠭ᠌

ᠪᠣᠰᠤᠭ᠎ᠠ ᠪᠦᠭᠡ ᠶᠢᠨ ᠮᠠᠭᠰᠢᠭ᠎ᠠ ᠮᠤᠩᠭ᠋ᠤᠯ ᠰᠦᠷ ᠳᠠᠢ

ᠣᠬᠠᠭᠠᠨ ᠨᠡᠮᠡᠳᠡᠭ᠌

ᠡᠭᠡ ᠭᠡᠯᠡᠨ ᠤ ᠭᠡᠰᠢᠭ᠌ ᠮᠤᠩᠭ᠋ᠤᠯ ᠰᠢᠮ᠎ᠠ ᠲᠡᠶ᠃

ᠴᠢᠯᠡᠭᠡ ᠳᠠᠢ᠌ᠯᠳᠠᠭ

ᠡᠭᠡᠭᠦᠨ ᠰᠢᠷᠭᠠᠯ ᠴᠠᠢ ᠮᠤᠩᠭ᠋ᠤᠯ ᠠᠮᠳᠠ ᠳᠠᠢ

ᠴᠡᠩᠭᠡᠯ ᠴᠢᠪᠬᠠᠳᠠᠳᠠᠭ

ᠶᠠᠳᠤᠭ᠎ᠠ ᠶᠢᠨ ᠵᠢᠷᠭᠤᠭᠠᠨ ᠣᠳᠠᠰᠤ ᠮᠤᠩᠭ᠋ᠤᠯ ᠡᠭᠡᠰᠢᠭ᠌ ᠲᠡᠶ᠃

ᠵᠤᠷᠢᠭ ᠭᠦᠪᠴᠢᠯᠡᠳᠡᠭ᠌

ᠴᠢᠩᠭᠢᠰ ᠤᠨ ᠪᠠᠭᠠᠳᠤᠷ ᠤᠨ ᠣᠤᠬᠠᠢ ᠮᠤᠩᠭ᠋ᠤᠯ ᠡᠷᠴᠢᠮ ᠳᠠᠢ

ᠵᠢᠷᠭᠠᠯ ᠬᠤᠷᠣᠢ᠌ᠯᠠᠳᠠᠭ

ᠥᠡᠳᠦᠷᠯᠢᠭ᠌ ᠤᠨ ᠳᠡᠨᠢᠭᠦᠨ ᠨᠤᠳᠤᠭ ᠮᠤᠩᠭ᠋ᠤᠯ ᠪᠠᠭᠤᠴᠠ ᠲᠡᠶ᠃

ᠭᠢᠯᠢ ᠰᠠᠭᠢᠳᠠᠭ

ᠡᠷ᠎ᠡ ᠴᠡᠷᠢᠭ᠌ ᠤᠨ ᠰᠠᠯᠠᠮ᠎ᠠ ᠮᠤᠩᠭ᠋ᠤᠯ ᠢᠷ ᠳᠠᠢ

ᠬᠠᠢ᠌ᠷ᠎ᠠ ᠰᠢᠪᠠᠨᠡᠳᠡᠭ᠌

ᠢᠨᠠᠭ ᠬᠤᠩᠭ᠋ᠤᠷ ᠤᠨ ᠰᠡᠳᠭᠢᠯ ᠮᠤᠩᠭ᠋ᠤᠯ ᠵᠢᠯᠤᠭᠤ ᠲᠡᠶ᠃

ᠨᠠᠷᠠ ᠳᠡᠪᠠᠷᠢᠳᠡᠭ᠌

ᠳᠤᠭᠤᠯᠴᠢᠨ ᠭᠦᠤ ᠶᠢᠨ ᠵᠡᠭᠦᠳᠤ ᠮᠤᠩᠭ᠋ᠤᠯ ᠭᠦᠰᠡᠯ ᠳᠠᠢ

ᠨᠠᠢ᠌ᠷᠠᠭ ᠣᠷᠤᠯᠳᠤᠳᠠᠭ

ᠳᠡᠨᠡᠭ᠌ ᠮᠢᠨᠤ ᠪᠠᠶ᠎ᠠ ᠮᠤᠩᠭ᠋ᠤᠯ ᠴᠢᠰᠤ ᠲᠡᠶ᠃


ᠵᠤᠬᠢᠶᠠᠭᠴᠢ ᠶᠢᠨ ᠬᠠᠶ‍ᠢᠭ ᠄ ᠡᠮᠦᠨᠡᠳᠤ ᠬᠤᠰᠢᠭᠤ

ᠵᠤᠬᠢᠶᠠᠭᠴᠢ᠄ ᠳᠡᠭ᠍ᠷᠢᠡᠰᠡᠯᠭᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2009 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ