☆ ᠵᠢ᠊·ᠠᠩᠭᠢᠷ
ᠢᠨᠠᠭ ᠤᠨ ᠳᠠᠭᠤᠤ
ᠬᠤᠯᠠ ᠶᠢᠨ ᠬᠤᠯᠠ ᠳᠡᠭ᠍ᠷᠢ ᠶᠢᠨ ᠭᠢᠵᠠᠭᠠᠷ ᠲᠤ
ᠬᠤᠶᠠᠷ ᠵᠢᠷᠦᠭᠡ ᠡᠭᠦᠯᠡᠨ ᠳᠤᠯᠤᠭᠠᠢ ᠳᠠᠷᠤᠵᠤ
ᠬᠤᠩᠭ᠋ᠤᠷ ᠨᠠᠮᠤᠷ ᠤᠨ ᠭᠦᠷᠳᠤᠨ ᠨᠠᠷᠠᠨ ᠳᠤᠤᠷ᠎ᠠ
ᠬᠤᠨᠤᠭ ᠤᠨ ᠵᠡᠭᠦᠳᠤᠨ ᠳᠤ ᠳᠤᠷᠠᠰᠤᠯ ᠤᠨ ᠭᠡᠯᠭᠢᠶ᠎ᠡ ᠵᠠᠯᠠᠨ᠎ᠠ
ᠳᠠᠭᠠᠨ᠎ᠠ ᠶᠢᠨ ᠦᠨᠦᠷ ᠲᠡᠶ ᠰᠡᠪᠠᠯᠵᠡᠭᠦᠷ ᠰᠠᠯᠭᠢᠨ ᠳ᠋ᠤ
ᠳᠠᠩᠭ᠋ᠠᠷᠢᠭ ᠶᠢᠡᠨ ᠦᠭᠭᠦᠭ᠍ᠰᠡᠨ ᠰᠠᠷ᠎ᠠ ᠡᠳᠦᠷ ᠨᠢ ᠪᠠᠯᠠᠷᠠᠵᠤ ᠪᠠᠢ᠌ᠭ᠎ᠠ ᠴᠤ
ᠳᠠᠮᠠᠭᠠᠯᠠᠭᠠᠤᠨ ᠳᠠᠯᠪᠢᠭᠰᠠᠨ ᠭᠠᠵᠠᠷ ᠲᠠᠭᠠᠨ ᠬᠤᠶᠠᠷ ᠵᠢᠷᠦᠭᠡ
ᠳᠠᠳᠠᠷᠠᠰᠢ ᠦᠭᠡᠶ ᠴᠤᠭᠢᠯᠠᠵᠤ ᠪᠠᠢ᠌ᠬᠤ ᠶᠢ ᠶᠠᠭᠠᠭᠢᠶ᠎ᠠ
ᠳᠦᠷᠡᠯᠵᠡᠵᠤ ᠪᠠᠢ᠌ᠭ᠎ᠠ ᠢᠨᠠᠭ ᠤᠨ ᠬᠠᠯᠠᠭᠤᠨ ᠭᠠᠯ ᠡᠴᠡ
ᠲᠦᠯᠦ ᠶᠢ ᠨᠢ ᠡᠪᠦᠷᠯᠡᠭᠡᠤᠨ ᠨᠠᠷᠠᠨ ᠤ ᠳᠤᠤᠷ᠎ᠠ ᠳᠤᠯᠠᠢ᠌ᠭᠠ ᠦᠦ︖
ᠳᠤᠯᠠᠯᠵᠠᠵᠤ ᠪᠠᠢ᠌ᠭ᠎ᠠ ᠵᠠᠯᠠᠭᠤ ᠨᠠᠰᠤᠨ ᠤ ᠭᠠᠷ ᠡᠴᠡ
ᠳᠦᠯᠭᠢᠭᠦᠷ ᠢ ᠨᠢ ᠣᠯᠤᠭᠠᠤᠨ ᠡᠭᠦᠯᠡᠨ ᠤ ᠳᠡᠭᠡᠷ᠎ᠡ ᠳᠠᠩᠭᠢᠨᠠᠭᠠ ᠦᠦ︖
ᠰᠤᠭᠳᠤᠭᠤᠷᠠᠵᠤ ᠪᠠᠢ᠌ᠭᠰᠠᠨ ᠢᠨᠠᠭ ᠤᠨ ᠴᠡᠭᠡᠯᠭᠡᠨ ᠳᠠᠭᠤᠤ ᠡᠴᠡ
ᠰᠤᠳᠤ ᠶᠢ ᠨᠢ ᠰᠢᠩᠭᠡᠭᠡᠭᠡᠤᠨ ᠪᠣᠳᠤᠯ ᠤᠨ ᠦᠨᠳᠦᠷ ᠲᠤ ᠳᠡᠮᠡᠤᠯᠡᠭᠡ ᠦᠦ︖
ᠰᠤᠨᠤᠰᠴᠤ ᠪᠠᠢ᠌ᠭᠰᠠᠨ ᠬᠠᠢ᠌ᠷ᠎ᠠ ᠶᠢᠨ ᠣᠶᠠᠬᠠᠨ ᠳᠤᠮᠤᠭ ᠡᠴᠡ
ᠰᠤᠮᠤ ᠶᠢ ᠨᠢ ᠰᠢᠭᠦᠷᠦᠭᠡᠤᠨ ᠡᠷᠭᠡᠰ ᠤᠨ ᠣᠷᠤᠢ ᠳᠤ ᠳᠡᠭᠦᠯᠢᠭᠡ ᠦᠦ︖
ᠢᠷᠠᠭᠤ ᠡᠭᠡᠰᠢᠭ᠌ ᠲᠡᠶ ᠭᠦᠳᠡᠭᠡ ᠶᠢᠨ ᠳᠡᠨᠢᠭᠡᠷ ᠳᠠᠯ᠎ᠠ ᠳᠤ
ᠢᠷᠭᠤᠢ ᠲᠡᠶ ᠬᠠᠮᠳᠤ ᠳᠤᠷᠠᠯᠠᠯ ᠤᠨ ᠴᠡᠴᠡᠭ᠌ ᠳᠠᠯᠪᠢ ᠪᠠᠨ ᠵᠠᠳᠠᠯᠤᠨ᠎ᠠ
ᠢᠨᠢᠶᠠᠵᠤ ᠪᠠᠢ᠌ᠭ᠎ᠠ ᠳᠠᠷᠠ ᠴᠡᠴᠡᠭ᠌ ᠤᠨ ᠳᠠᠯᠪᠢᠨ ᠳᠡᠭᠡᠷ᠎ᠡ
ᠢᠷᠡᠭᠡᠳᠦᠢ ᠶᠢᠨ ᠵᠢᠷᠭᠠᠯ ᠰᠥ᠋ ᠰᠢᠭ᠌ ᠪᠦᠮᠪᠦᠭᠡᠨᠡᠨᠡ
ᠬᠠᠪᠣᠷ ᠤᠨ ᠥᠩᠭᠡ ᠪᠠᠷ ᠳᠡᠯᠭᠡᠷᠡᠭ᠍ᠰᠡᠨ ᠮᠢᠩᠭ᠋ᠠᠨ ᠴᠡᠴᠡᠭ᠌ ᠲᠤ
ᠬᠠᠨᠢ ᠶᠢᠨ ᠵᠠᠶᠠᠭ᠎ᠠ ᠲᠡᠶ ᠬᠤᠶᠠᠷ ᠵᠢᠷᠦᠭᠡ ᠨᠠᠷᠠ ᠨᠢ ᠶᠤᠮ ᠰᠢᠤ︕
ᠬᠠᠰ ᠤᠨ ᠭᠢᠯᠪᠠᠭ᠎ᠠ ᠰᠤᠪᠣᠷᠠᠭᠰᠠᠨ ᠲᠦᠮᠡᠨ ᠢᠨᠠᠭ ᠲᠤ
ᠬᠠᠢ᠌ᠷ᠎ᠠ ᠶᠢᠨ ᠳᠠᠭᠤᠤ ᠲᠡᠶ ᠬᠤᠤᠰ ᠵᠢᠷᠦᠭᠡ ᠡᠵᠡᠨ ᠨᠢ ᠶᠤᠮ ᠰᠢᠤ︕
ᠵᠤᠬᠢᠶᠠᠭᠴᠢ᠄ ᠵᠢ᠊·ᠠᠩᠭᠢᠷ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 5567
ᠴᠠᠭ᠄ 2007 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ