ᠨᠡᠪᠲᠡᠷᠡᠨ ᠤᠷᠤᠬᠤ
ᠨᠤᠭᠤᠠᠵᠠᠶᠠᠭ᠎ᠠ

ᠬᠠᠢ᠌ᠷ᠎ᠠ ᠪᠠᠨ ᠭᠦᠯᠢᠭᠦᠯᠵᠤ

ᠬᠠᠢ᠌ᠷᠠᠯᠠᠬᠤ ᠪᠣᠳᠤᠯ ᠶᠢᠡᠨ ᠠᠯᠠᠭᠤᠯᠵᠤ

ᠬᠠᠨᠢᠰᠬᠤ ᠶᠢᠨ ᠵᠢᠷᠭᠠᠯ ᠳᠠᠨᠢᠭ᠎ᠠ ᠦᠭᠡᠶ

ᠬᠠᠷᠢ ᠳᠤ ᠮᠤᠷᠳᠠᠵᠠᠢ ᠡ ᠨᠤᠭᠤᠠᠵᠠᠶᠠᠭ᠎ᠠ

ᠬᠠᠷᠢ ᠳᠤ ᠶᠠᠭᠤᠨ ᠳᠠᠭᠠᠨ ᠮᠤᠷᠳᠠᠯ᠎ᠠ ᠳ᠋ᠠ

ᠭᠦᠰᠡᠯ ᠤᠨ ᠶᠢᠡᠨ ᠵᠥᠭ᠌

ᠭᠦᠮᠤᠨ ᠳᠡᠮᠤᠯᠭᠦ ᠵᠢᠮ᠎ᠠ ᠲᠡᠶ ᠪᠢᠯᠠ

ᠭᠦᠮᠤᠨ ᠤ ᠪᠠᠨ ᠡᠭᠦᠳᠡᠨ ᠳᠤ

ᠭᠡᠦᠭᠡᠨ ᠮᠤᠷᠳᠠᠬᠤ ᠵᠠᠶᠠᠭ᠎ᠠ ᠲᠡᠶ ᠪᠢᠯᠠ

ᠡᠷᠭᠡ ᠬᠤᠩᠭ᠋ᠤᠷ ᠳᠤᠷᠠᠯᠠᠯ ᠣᠯᠤᠭ᠎ᠠ ᠦᠭᠡᠶ

ᠡᠳᠡᠭᠡᠳ ᠭᠠᠵᠠᠷ ᠣᠴᠢᠵᠠᠢ ᠡ ᠨᠤᠭᠤᠠᠵᠠᠶᠠᠭ᠎ᠠ

ᠡᠳᠡᠭᠡᠳ ᠭᠠᠵᠠᠷ ᠶᠠᠭᠤᠨ ᠳᠠᠭᠠᠨ ᠣᠴᠢᠯ᠎ᠠ ᠳ᠋ᠠ

ᠨᠠᠮᠤᠷ ᠪᠣᠯᠴᠢᠬᠠᠯ᠎ᠠ

ᠨᠠᠪᠴᠢ ᠰᠢᠷᠠᠯᠠᠴᠢᠬᠠᠯ᠎ᠠ

ᠨᠤᠳᠤᠭ ᠮᠢᠨᠢ ᠡᠷᠢᠭ᠍ᠳᠡᠴᠢᠭᠡᠯ᠎ᠡ

ᠨᠤᠳᠤᠭ ᠡᠴᠠ ᠪᠠᠨ ᠬᠤᠯᠠ ᠴᠤ ᠮᠤᠷᠳᠠᠭᠰᠠᠨ

ᠨᠤᠭᠤᠠᠵᠠᠶᠠᠭ᠎ᠠ ᠪᠣᠳᠤᠭᠳᠠᠴᠢᠬᠠᠯ᠎ᠠ ᠁

ᠪᠦᠰᠡᠭᠦᠢ ᠭᠦᠭᠡᠷᠦᠭᠦᠨ ᠨᠤᠭᠤᠠᠵᠠᠶᠠᠭ᠎ᠠ ᠡ

ᠪᠢ᠂

ᠴᠢᠨᠤ ᠲᠦᠯᠦᠭᠡ

ᠨᠢᠯᠪᠣᠰᠤ ᠬᠤᠪᠢᠯᠵᠤ ᠣᠷᠤᠰᠴᠤ ᠴᠢᠳᠠᠬᠤ ᠦᠭᠡᠶ ᠡ


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠤᠳᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2717
ᠴᠠᠭ᠄ 2012 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ